Paper Information


Title ᠪᠠᠭᠠᠷᠢᠨ ᠨᠤᠲᠤᠭ ᠤᠨ ᠤᠷᠮᠠᠰ ᠪᠤᠶᠤ ᠤᠯᠠᠭᠠᠨᠪᠠᠭᠠᠨ᠎ᠠ ᠶᠢᠨ ᠢᠯᠡᠷᠬᠡᠢ᠌ᠯᠡᠯ
Creator ᠨᠠᠮᠢᠶ ᠠ
Keyword ᠤᠯᠠᠭᠠᠨᠪᠠᠭᠠᠨ᠎ᠠ ; ᠰᠢᠯᠦᠭ ; ᠪᠠᠭᠠᠷᠢᠨ;ᠤᠷᠮᠠᠰ; ᠢᠯᠡᠷᠬᠡᠢ᠌ᠯᠡᠯ
Abstract ᠤᠯᠠᠭᠠᠨᠪᠠᠭᠠᠨ᠎ᠠ ᠨᠦᠭᠦᠷ ᠤᠨ 《ᠴᠡᠴᠡᠭ ᠤᠨ ᠲᠤᠭᠤᠰᠦ ᠲᠠᠢ ᠰᠠᠯᠬᠢ》᠂《ᠴᠢᠮ ᠡ ᠳᠤ ᠬᠠᠢ᠌ᠷᠠᠲᠠᠢ ᠪᠤᠷᠤᠭᠠᠨ》ᠬᠤᠶᠠᠷ ᠳᠡᠭᠦᠪᠦᠷᠢ ᠵᠢᠴᠢ ᠪᠤᠰᠤᠳ ᠠᠷᠰᠠᠷ ᠨᠡᠢ᠌ᠳᠡᠯᠡᠭᠳᠡᠭᠰᠡᠨ ᠰᠢᠯᠦᠭ ᠤᠳ ᠢ ᠤᠩᠰᠢᠵᠤ ᠰᠠᠭᠤᠬᠤ ᠳᠤ ᠨᠡᠢ᠌ᠭᠡᠮ ᠤᠨ ᠪᠤᠳᠤᠯᠢᠶᠠᠨ ᠂ ᠴᠠᠭ ᠦᠶ ᠠ ᠶᠢᠨ ᠦᠳᠦᠭᠡᠯᠭᠡ ᠪᠠ ᠵᠦᠷᠢᠴᠠᠯ ᠳᠠᠮᠠᠴᠠᠯ᠂ ᠪᠤᠳᠤᠯ ᠤᠨ ᠬᠠᠷᠠᠭᠠᠨ ᠡᠴᠡ ᠪᠦᠷ ᠬᠤᠯᠠᠳᠠᠵᠤ᠂ ᠭᠠᠭᠴᠠ ᠬᠦ ᠢᠷᠠᠭᠤ ᠨᠠᠢ᠌ᠷᠠᠭ᠂ ᠢᠷᠠᠭᠤ ᠨᠠᠢ᠌ᠷᠠᠭᠴᠢ ᠯᠠ ᠡᠨᠡ ᠶᠢᠷᠲᠢᠨᠴᠦ ᠳᠤ ᠬᠠᠮᠤᠭ ᠤᠨ ᠭᠡᠷᠡᠯ ᠲᠠᠢ᠂ ᠭᠡᠭᠡ ᠲᠠᠢ ᠪᠤᠯᠵᠤ ᠬᠠᠷᠠᠭᠳᠠᠨ᠎ᠠ᠃ ᠬᠡᠯᠡᠪᠡᠯ ᠡᠢ᠌ᠮᠦᠷᠬᠦᠦ ᠭᠡᠷᠡᠯ ᠭᠡᠭᠡ ᠨᠢ ᠦᠨᠡᠨ ᠳᠡᠭᠡᠨ ᠰᠢᠯᠦᠭ ᠲᠤ ᠂ ᠢᠷᠠᠭᠤ ᠨᠠᠢ᠌ᠷᠠᠭᠴᠢ ᠳᠤ ᠤᠤᠯ ᠡᠴᠡ ᠪᠠᠢ᠌ᠭᠰᠠᠨ ᠪᠠᠢ᠌ᠵᠤ ᠮᠡᠳᠡᠬᠦ ᠪᠤᠯᠪᠠᠴᠤ ᠳᠡᠷᠡ ᠨᠢ ᠬᠦᠮᠦᠨ ᠪᠤᠯᠭᠠᠨ ᠳᠤ ᠠᠮᠠᠷᠬᠠᠨ ᠬᠠᠷᠠᠭᠳᠠᠳᠠᠭ ᠦᠭᠡᠢ᠃ ᠬᠠᠷᠢᠨ ᠦᠢ ᠲᠦᠮᠡᠨ ᠤᠯᠠᠭᠠᠨᠪᠠᠭᠠᠨ᠎ᠠ ᠨᠠᠷ ᠤᠨ ᠨᠢᠲᠤ ᠪᠠ ᠰᠡᠷᠡᠯ ᠶᠢᠨᠷ ᠳᠠᠮᠵᠢᠵᠤ ᠰᠠᠶ᠍᠍᠍ᠢ᠍᠍᠍᠍ ᠡᠩ ᠤᠨ ᠬᠦᠮᠦᠰ ᠲᠤ ᠲᠤᠳᠤᠷᠬᠠᠢ ᠬᠠᠷᠠᠭᠳᠠᠳᠠᠭ᠂ ᠤᠯᠠᠭᠠᠨᠪᠠᠭᠠᠨ᠎ᠠ ᠶᠢᠨ ᠰᠢᠯᠦᠭ ᠤᠨ ᠤᠩᠰᠢᠭᠴᠢᠳ ᠲᠤ ᠠᠪᠴᠢᠷᠠᠵᠤ ᠦᠭ᠍ᠭᠦᠭ᠍ᠰᠡᠨ ᠬᠠᠮᠤᠭ ᠤᠨ ᠲᠤᠳᠤᠷᠬᠠᠢ ᠠᠴᠢ ᠬᠦᠷᠳᠡᠭᠡᠯ ᠭᠡᠪᠡᠯ ᠪᠠᠷᠤᠭ ᠰᠢᠯᠦᠭ ᠲᠤ ᠦᠭ᠍ᠭᠦᠭ᠍ᠰᠡᠨ ᠨᠤᠴᠤᠵᠤ ᠲᠦᠷᠡᠯᠵᠢᠮ ᠡ ᠬᠠᠢ᠌ᠷ ᠠ ᠪᠠ ᠰᠢᠯᠦᠭᠴᠢ ᠳᠤ ᠤᠯᠭᠤᠭᠰᠠᠨ ᠠᠯᠲᠠᠨ ᠲᠢᠳᠡᠮ ᠪᠠᠢ᠌ᠭ᠎ᠠ ᠭᠡᠵᠦ ᠪᠤᠳᠤᠵᠤ ᠪᠤᠢ᠃
Original Literature View Original Paper
出自 中国蒙古学 2007年 第6期

联系我们


内蒙古大学图书馆
呼和浩特市大学西路235号
中国·内蒙古
P: (0471) 4992561
E: huangfeilong@imu.edu.cn