Paper Information


Title ᠮᠣᠩᠭᠣᠯ  ᠤᠨ ᠵᠠᠩ ᠦᠢᠯᠡ ᠬᠢᠭᠡᠳ ᠠᠮᠠᠨ ᠵᠤᠬᠢᠶᠠᠯ ᠳᠡᠬᠢ ᠠᠷᠰᠯᠠᠨ
Creator ᠸᠠᠩ ᠹᠦ᠋ ᠴᠢᠩ
Keyword ᠮᠣᠩᠭᠣᠯ  ᠤᠨ ᠵᠠᠩ ᠦᠢᠯᠡ ; ᠠᠮᠠᠨ ᠵᠤᠬᠢᠶᠠᠯ ; ᠠᠷᠰᠯᠠᠨ
Abstract ᠳᠤᠰ ᠦᠭᠦᠯᠡᠯ ᠳᠤ ᠦᠷᠦᠨᠡᠳᠡᠬᠢᠨ ᠦ ᠠᠷᠰᠯᠠᠨ ᠬᠢᠭᠡᠳ ᠠᠷᠰᠯᠠᠨ ᠦ ᠰᠤᠶᠤᠯ ᠤᠨ ᠮᠣᠩᠭᠣᠯ ᠤᠨ ᠦᠨᠳᠦᠷᠯᠢᠭ᠌᠋᠋᠋ ᠲᠤ ᠤᠯᠠᠮᠵᠢᠯᠠᠨ ᠤᠷᠤᠵᠤ ᠢᠷᠡᠭᠰᠡᠨ ᠴᠠᠭ ᠦᠶ ᠠ ᠪᠠ ᠵᠠᠮ ᠮᠦᠷ ᠢ ᠲᠤᠳᠤᠯᠠᠵᠤ᠂ ᠦᠷᠦᠨᠡᠳᠡᠬᠢᠨ ᠦ ᠠᠷᠰᠯᠠᠨ ᠬᠢᠭᠡᠳ ᠠᠷᠰᠯᠠᠨ ᠦ ᠰᠤᠶᠤᠯ ᠨᠢ ᠤᠷᠢᠳᠠᠪᠡᠷ ᠮᠣᠩᠭᠣᠯ ᠤᠨ ᠦᠨᠳᠦᠷᠯᠢᠭ᠂ ᠳᠠᠷᠠᠭ᠎ᠠ ᠨᠢ ᠰᠡᠶ᠍᠍ᠢ᠍ ᠵᠦᠩᠶᠦᠸᠠᠨ ᠤᠷᠤᠨ ᠳᠤ ᠤᠯᠠᠮᠵᠢᠯᠠᠭᠳᠠᠪᠠ ᠬᠡᠰᠡᠨ ᠦᠵᠡᠯᠳᠡ ᠶᠢ ᠲᠤᠷᠠᠳᠤᠨ ᠂ ᠮᠣᠩᠭᠣᠯ  ᠤᠨ ᠵᠠᠩ ᠦᠢᠯᠡ ᠳᠡᠬᠢ ᠠᠷᠰᠯᠠᠨ ᠦ ᠦᠵᠡᠳᠦᠯᠦᠭᠰᠡᠨ ᠨᠦᠯᠦᠭᠡ ᠵᠢᠴᠢ ᠳᠡᠭᠦᠨ ᠦ ᠬᠤᠪᠢᠷᠠᠯ ᠬᠦᠭ᠍ᠵᠢᠯ ᠤᠨ ᠵᠢᠮ᠎ᠡ ᠬᠠᠤᠯᠢ ᠶᠢ ᠰᠢᠰᠲ᠋ᠸᠮ ᠲᠠᠢ ᠳᠠᠨᠢᠯᠴᠠᠭᠤᠯᠵᠤ ᠶᠢᠨ ᠬᠠᠨᠮᠳᠤ ᠮᠣᠩᠭ᠋ᠣᠯᠴᠤᠳ ᠤᠨ ᠳᠤᠮᠳᠠ ᠳᠡᠯᠭᠡᠷᠡᠭᠰᠡᠨ ᠴᠦᠭᠡᠨ ᠪᠤᠰᠤ ᠠᠷᠰᠯᠠᠨ ᠦ ᠦᠯᠢᠭᠡᠷ ᠨᠢ ᠡᠨᠡᠳᠭᠡᠭ᠌ ᠤᠨ ᠦᠯᠢᠭᠡᠷ ᠲᠠᠢ ᠤᠢ᠌ᠷᠠᠯᠴᠠᠭ᠎ᠠ ᠪᠤᠶᠤ ᠳᠡᠭᠦᠨ ᠡᠴᠡ ᠢᠷᠡᠯᠳᠡᠢ ᠬᠡᠰᠡᠨ ᠢ ᠪᠤᠳᠠᠲᠠᠢ ᠪᠠᠷᠢᠮᠳᠠ ᠲᠠᠢ ᠪᠡᠷ ᠨᠠᠷᠢᠨ ᠦᠭᠦᠯᠡᠵᠦ᠂ ᠠᠷᠰᠯᠠᠨ ᠬᠢᠭᠡᠳ ᠠᠷᠰᠯᠠᠨ ᠦ ᠰᠤᠶᠤᠯ ᠨᠢ ᠬᠡᠢᠳᠦᠢᠪᠡᠷ ᠬᠠᠷᠢ ᠭᠠᠷᠤᠯᠲᠠᠢ ᠪᠤᠯᠪᠠᠴᠤ ᠮᠣᠩᠭᠣᠯ ᠰᠤᠶᠤᠯ ᠳᠤ ᠨᠠᠵᠠᠭᠠᠢ ᠦᠢᠯᠡᠳᠦᠯ ᠦᠵᠡᠭᠦᠯᠦᠭᠰᠡᠨ ᠦᠭᠡᠢ ᠬᠠᠷᠢᠨ ᠮᠣᠩᠭᠣᠯ ᠰᠤᠶᠤᠯ ᠢ ᠤᠯᠠᠮ ᠳᠡᠭᠦᠯᠳᠡᠷᠵᠢᠭᠦᠯᠦᠨ ᠪᠠᠶᠠᠯᠢᠭᠵᠢᠭᠤᠯᠤᠭᠰᠠᠨ ᠬᠡᠳᠡᠭ ᠢ ᠤᠯᠠᠨ᠎ᠠ ᠮᠡᠳᠡᠭᠦᠯᠦᠨ ᠂ ᠮᠣᠩᠭ᠋ᠣᠯᠴᠤᠳ ᠤᠨ ᠰᠤᠶᠤᠯ ᠡᠷᠳᠡᠨ ᠡᠴᠡ ᠨᠡᠭᠡᠭᠡᠯᠲᠠᠢ ᠪᠠᠢ᠌ᠭᠰᠠᠨ ᠬᠡᠳᠡᠭ ᠢ ᠬᠡᠷᠡᠴᠢᠯᠡᠬᠦ ᠪᠡᠷ ᠴᠢᠷᠮᠠᠢ᠌ᠪᠠ᠃
Original Literature View Original Paper
出自 内蒙古大学学报 2000年 第4期

联系我们


内蒙古大学图书馆
呼和浩特市大学西路235号
中国·内蒙古
P: (0471) 4992561
E: huangfeilong@imu.edu.cn