Paper Information


Title ᠤᠶᠤᠳᠠᠳ ᠤᠨ ᠪᠠᠶ᠎ᠡ ᠲᠠᠮᠢᠷ ᠤᠨ ᠬᠢᠴᠢᠶᠠᠯ ᠰᠤᠷᠤᠯᠭ᠎ᠠ ᠶᠢᠨ ᠲᠤᠷ᠎ᠠ ᠪᠠᠬ᠎ᠠ ᠵᠢ ᠨᠦᠯᠦᠬᠡᠯᠡᠵᠦ ᠪᠠᠢᠭ᠎ᠠ ᠬᠦᠴᠦᠨ ᠵᠤᠢᠯ ᠤᠨ ᠲᠤᠬᠠᠢ
Creator ᠢᠤᠢ ᠬᠠᠢ ᠲᠤᠤ
Keyword ᠤᠶᠤᠳᠠᠳ; ᠲᠠᠮᠢᠷ ᠤᠨ ᠬᠢᠴᠢᠶᠠᠯ; ᠰᠤᠷᠤᠯᠭ᠎ᠠ ᠶᠢᠨ ᠲᠤᠷ᠎ᠠ ᠪᠠᠬ᠎ᠠ;ᠨᠦᠯᠦᠬᠡᠯᠡᠬᠦ ᠬᠦᠴᠦᠨ ᠵᠤᠢᠯ
Abstract ᠢᠭᠠᠬᠤ ᠮᠡᠲ᠋ᠸᠷᠢᠶᠠᠯ ᠤᠨ ᠨᠦᠬᠦᠴᠡᠯ ᠰᠢᠯᠳᠠᠭᠠᠨ ᠨᠢ ᠤᠶᠤᠳᠠᠳ ᠤᠨ ᠲᠮᠠᠢᠷ ᠤᠨ ᠬᠢᠴᠢᠶᠠᠯ ᠰᠤᠷᠤᠯᠭ᠎ᠠ ᠵᠢ ᠨᠦᠯᠦᠬᠡᠯᠡᠬᠦ ᠪᠠᠷ ᠪᠠᠭ᠎ᠠ᠂ ᠪᠠᠭᠰᠢ ᠶᠢᠨ ᠰᠢᠯᠳᠠᠭᠠᠨ ᠨᠢ ᠤᠶᠤᠳᠠᠳ ᠤᠨ ᠲᠠᠮᠢᠷ ᠤᠨ ᠬᠢᠴᠢᠶᠠᠯ ᠰᠤᠷᠤᠯᠭ᠎ᠠ ᠵᠢ ᠨᠦᠯᠦᠭᠡᠯᠡᠭᠦ ᠪᠡᠷ ᠶᠡᠭᠡ ᠪᠠᠢᠳᠠᠭ᠃ ᠵᠢᠭᠠᠨ ᠰᠤᠷᠭᠠᠬᠤ ᠪᠡᠯᠡᠳᠭᠡᠯ ᠲᠦᠭᠦᠭᠡᠷᠤᠮᠵᠢ ᠶᠢᠨ ᠬᠦᠴᠦᠨ ᠵᠤᠢᠯ ᠨᠢ ᠲᠠᠮᠢᠷ ᠤᠨ ᠬᠢᠴᠢᠶᠠᠯ ᠰᠤᠷᠤᠯᠭ᠎ᠠ ᠵᠢ ᠲᠤᠩ ᠶᠡᠭᠡ ᠨᠦᠯᠦᠭᠡᠯᠡᠵᠦ ᠪᠠᠢᠳᠠᠭ ᠪᠤᠯᠪᠠᠴᠦ ᠰᠤᠷᠭᠠᠭᠤᠯᠢ ᠶᠢᠨ ᠬᠦᠴᠤᠨ ᠵᠤᠢᠯ ᠰᠤᠷᠤᠭᠴᠢᠳ ᠤᠨ ᠪᠠᠶ᠎ᠡ ᠲᠠᠮᠢᠷ ᠤᠨ ᠲᠤᠷ᠎ᠠ ᠪᠠᠬ᠎ᠠ ᠵᠢ ᠨᠦᠯᠦᠬᠡᠯᠡᠵᠦ ᠪᠠᠢᠭ᠎ᠠ ᠵᠢ ᠤᠮᠳᠤᠭᠠᠢᠯᠠᠵᠦ ᠪᠤᠯᠬᠤ ᠦᠬᠡᠢ᠃ ᠤᠶᠤᠳᠠᠳ ᠤᠨ ᠲᠤᠰ ᠪᠡᠶ᠎ᠡ ᠶᠢᠨ ᠬᠦᠴᠦᠨ ᠵᠤᠢᠯ ᠢ ᠢᠳᠡᠪᠬᠢᠳᠡᠢ ᠪᠡ ᠨᠠᠵᠠᠭᠠᠢ ᠭᠡᠵᠦ ᠬᠤᠶᠠᠷ ᠲᠦᠷᠤᠯ ᠳᠤ ᠬᠤᠪᠢᠶᠠᠵᠦ ᠪᠤᠯᠤᠨ᠎ᠠ᠃ ᠡᠬᠦᠨ ᠳᠤ ᠢᠳᠡᠪᠬᠢᠳᠡᠢ ᠬᠦᠴᠦᠨ ᠵᠤᠢᠯ ᠨᠢ ᠭᠤᠤᠯᠯᠠᠬᠤ ᠦᠢᠯᠡᠳᠤᠯ ᠦᠵᠡᠬᠦᠯᠵᠦ ᠪᠤᠢ᠃ ᠨᠠᠢᠭᠡᠮ ᠤᠨ ᠬᠦᠴᠦᠨ ᠵᠤᠢᠯ ᠤᠨ ᠭᠤᠤᠯ ᠢᠯᠡᠷᠡᠯ ᠨᠢ ᠲᠠᠷᠤᠢ ᠲᠠᠮᠢᠷ ᠤᠨ ᠬᠦᠮᠦᠵᠢᠯ ᠤᠨ ᠬᠡᠯᠪᠡᠢᠬᠦᠤ ᠦᠵᠡᠯ ᠪᠤᠯᠤᠨ᠎ᠠ᠃ ᠡᠨᠡ ᠨᠢ ᠰᠤᠷᠤᠭᠴᠢᠳ ᠤᠨ ᠲᠠᠮᠢᠷ ᠤᠨ ᠬᠢᠴᠢᠶᠠᠯ ᠰᠤᠷᠤᠯᠭ᠎ᠠ ᠶᠢᠨ ᠲᠤᠷ᠎ᠠ ᠪᠠᠬ᠎ᠠ ᠳᠤ ᠨᠡᠵᠠᠭᠠᠢ ᠦᠢᠯᠡᠳᠤᠯ ᠦᠵᠡᠬᠦᠯᠵᠦ ᠪᠤᠢ᠃ ᠡᠬᠦᠨ ᠳᠤ ᠬᠡᠷ ᠤᠨ ᠠᠭᠭᠮᠠᠳ ᠤᠨ ᠨᠦᠯᠦᠭᠡ ᠨᠢ ᠭᠤᠤᠯᠳᠠᠭᠤ ᠠᠪᠤ ᠡᠵᠢ ᠪᠤᠯᠤᠭᠰᠠᠳ ᠬᠡᠤᠭᠡᠳ ᠤᠨ ᠶᠢᠡᠨ ᠪᠡᠶ᠎ᠡ ᠲᠠᠮᠢᠷ ᠤᠨ ᠬᠦᠳᠡᠯᠭᠡᠭᠡᠨ ᠳᠤ ᠤᠷᠤᠯᠴᠠᠬᠤ ᠵᠢ ᠲᠠᠮᠵᠢᠬᠦ ᠦᠬᠡᠢ ᠲᠡᠭᠡᠷ᠎ᠠ ᠢᠯᠡᠷᠡᠵᠦ ᠪᠤᠢ᠃
Original Literature View Original Paper
出自 内蒙古社会科学(蒙文版) 2014年 第6期

联系我们


内蒙古大学图书馆
呼和浩特市大学西路235号
中国·内蒙古
P: (0471) 4992561
E: huangfeilong@imu.edu.cn