Paper Information


Title ᠮᠣᠩ᠋ᠭᠤᠯ ᠯᠠᠮᠠ ᠡᠷᠳᠡᠮᠲᠡᠳ ᠦᠨ ᠵᠤᠬᠢᠰᠲᠤ ᠠᠶᠠᠯᠭᠤ ᠶᠢᠨ ᠭᠤᠤ᠎ᠠ ᠳᠠᠭᠠᠰᠢᠶᠠᠬᠤᠢ ᠶᠢᠨ ᠲᠤᠬᠠᠢ ᠦᠵᠡᠯᠲᠡ ᠶᠢ ᠰᠢᠨᠵᠢᠯᠡᠬᠦ ᠨᠢ
Creator ᠱᠤ ᠯᠢᠨ
Keyword ᠮᠣᠩ᠋ᠭᠤᠯ ᠯᠠᠮᠠ ᠡᠷᠳᠡᠮᠲᠡᠳ; ᠵᠤᠬᠢᠰᠲᠤ ᠠᠶᠠᠯᠭᠤ; ᠭᠤᠤ᠎ᠠ ᠲᠠᠭᠠᠰᠢᠶᠠᠬᠤᠢ ᠶᠢᠨ ᠦᠵᠡᠯᠲᠡ
Abstract ᠮᠣᠩ᠋ᠭᠤᠯ ᠯᠠᠮᠠ ᠡᠷᠳᠡᠮᠲᠡᠳ ᠦᠨ ᠵᠤᠬᠢᠰᠲᠤ ᠠᠶᠠᠯᠭᠤᠨ ᠤ ᠭᠤᠤ᠎ᠠ ᠭᠠᠰᠢᠶᠠᠬᠤᠢ ᠶᠢᠨ ᠲᠤᠬᠠᠢ ᠦᠵᠡᠯᠲᠡ ᠶᠢᠨ ᠭᠤᠤᠯ ᠨᠢ ᠭᠤᠤᠠ ᠲᠠᠭᠠᠰᠢᠶᠠᠬᠤᠢ ᠶᠢᠨ ᠰᠢᠨᠵᠢ ᠪᠤᠯ ᠤᠳᠬ᠎ᠠ ᠵᠤᠬᠢᠶᠠᠯ ᠤᠨ ᠪᠤᠰᠤᠳ ᠱᠠᠰᠲᠢᠷ ᠵᠤᠬᠢᠶᠠᠯ ᠠᠴᠠ ᠢᠯᠭᠠᠭᠳᠠᠬᠤ ᠮᠦᠨ ᠴᠢᠨᠠᠷ ᠤᠨ ᠣᠨᠴᠠᠯᠢᠭ ᠪᠤᠯᠬᠤ ᠪᠦᠭᠡᠳ ᠤᠳᠬ᠎ᠠ ᠵᠤᠬᠢᠶᠠᠯ ᠤᠨ ᠭᠤᠤᠯ ᠡᠭᠦᠷᠭᠡ ᠪᠤᠶᠤ ᠵᠤᠷᠢᠯᠭ᠎ᠠ ᠪᠤᠯ ᠭᠤᠤ᠎ᠠ ᠰᠠᠢ᠌ᠬᠠᠨ ᠢ ᠪᠦᠲᠦᠭᠡᠬᠦ ᠶᠠᠪᠤᠳᠠᠯ ᠮᠦᠨ ᠭᠡᠰᠡᠨ ᠦᠵᠡᠯᠲᠡ ᠪᠤᠯᠤᠨ᠎ᠠ᠃ ᠦᠭᠦᠯᠡᠯ ᠳᠦ ᠵᠤᠬᠢᠰᠲᠤ ᠠᠶᠠᠯᠭᠤ ᠭᠡᠳᠡᠭ ᠶᠠᠭᠤ ᠪᠤᠯᠬᠤ ᠲᠤᠬᠠᠢ ᠲᠤᠮᠢᠶᠠᠯᠠᠯ᠂ ᠵᠤᠬᠢᠰᠲᠤ ᠠᠶᠠᠯᠭᠤᠨ ᠤ ᠠᠮᠢ᠂ ᠵᠤᠬᠢᠰᠲᠤ ᠠᠶᠠᠯᠭᠤᠨ ᠤ ᠠᠷᠪᠠᠨ ᠡᠷᠳᠡᠮ᠂ ᠵᠤᠬᠢᠰᠲᠤ ᠠᠶᠠᠯᠭᠤᠨ ᠤ ᠴᠢᠮᠡᠭ ᠪᠡ ᠭᠡᠮ ᠦᠨ ᠣᠨᠣᠯ ᠦᠵᠡᠯᠲᠡ ᠵᠡᠷᠭᠡ ᠳᠦ ᠢᠯᠡᠷᠡᠭᠰᠡᠨ ᠭᠤᠤ᠎ᠠ ᠲᠠᠭᠠᠰᠢᠶᠠᠬᠤᠢ ᠶᠢᠨ ᠲᠤᠬᠠᠢ ᠦᠵᠡᠯᠲᠡ ᠶᠢ ᠰᠦᠪᠡᠭ᠍ᠴᠢᠡᠵᠦ᠂ ᠲᠡᠳᠡᠨ ᠦ ᠭᠤᠤ᠎ᠠ ᠲᠠᠭᠠᠰᠢᠶᠠᠬᠤᠢ ᠶᠢᠨ ᠦᠵᠡᠯᠲᠡ ᠪᠤᠯ ᠬᠦᠰᠡᠯ ᠦᠨ ᠲᠠᠪᠤᠨ ᠡᠳᠡᠮ ᠳᠦ ᠰᠢᠲᠦᠭᠰᠡᠨ ᠰᠡᠳᠬᠢᠯ ᠳᠦ ᠵᠤᠬᠢᠰᠲᠤ ᠭᠤᠤ᠎ᠠ ᠲᠠᠭᠠᠰᠢᠶᠠᠬᠤᠢ ᠶᠢᠨ ᠦᠵᠡᠯᠲᠡ᠂ ᠭᠠᠳᠠᠭᠠᠳᠤ ᠬᠡᠯᠪᠡᠷᠢ ᠪᠡ ᠳᠤᠲᠤᠭᠠᠳᠤ ᠠᠭᠤᠯᠭ᠎ᠠ ᠤᠶᠠᠯᠳᠤᠭᠰᠠᠨ ᠳᠠᠭᠤᠨ ᠤᠳᠬ᠎ᠠ ᠶᠢᠨ ᠭᠤᠤ᠎ᠠ ᠰᠠᠢ᠌ᠬᠠᠨ ᠤ ᠰᠤᠪᠢᠯᠲᠠ᠂ ᠤᠳᠬ᠎ᠠ ᠵᠤᠬᠢᠶᠠᠯ ᠤᠨ ᠣᠯᠠᠨ ᠳᠡᠭᠳᠡᠷᠯᠢᠭᠲᠦ ᠭᠤᠤ᠎ᠠ ᠲᠠᠭᠠᠰᠢᠶᠠᠬᠤᠢ ᠶᠢᠨ ᠦᠵᠡᠯᠲᠡ᠂ ᠡᠷᠬᠢᠮ ᠳᠡᠭᠡᠳᠦ ᠪᠡ ᠢᠷᠠᠭᠤ ᠦᠵᠡᠰᠭᠦᠯᠡᠩ ᠤᠶᠠᠯᠳᠤᠭᠰᠠᠨ ᠬᠤᠲᠠᠯᠠ ᠲᠡᠭᠦᠯᠳᠡᠷ ᠭᠤᠤ᠎ᠠ ᠰᠠᠢ᠌ᠬᠠᠨ ᠤ ᠦᠵᠡᠯᠲᠡ ᠪᠤᠯᠤᠨ᠎ᠠ ᠭᠡᠰᠡᠨ ᠦᠵᠡᠯᠲᠡ ᠳᠡᠪᠰᠢᠭᠦᠯᠦᠭᠰᠡᠨ ᠪᠠᠢ᠌ᠨ᠎ᠠ᠃
Original Literature View Original Paper
出自 中国蒙古学 2012年 第6期

联系我们


内蒙古大学图书馆
呼和浩特市大学西路235号
中国·内蒙古
P: (0471) 4992561
E: huangfeilong@imu.edu.cn