Paper Information


Title ᠠᠷᠠᠳ ᠤᠨ ᠳᠠᠭᠤᠤ ᠶᠢᠨ ᠡᠮᠬᠢᠳᠭᠡᠯ ᠲᠡᠭᠦᠪᠦᠷᠢ ᠳᠦ ᠬᠤᠯᠪᠤᠭᠳᠠᠭᠰᠠᠨ ᠠᠰᠠᠭᠤᠳᠠᠯ ᠬᠢᠭᠡᠳ ᠠᠩ᠋ᠬᠠᠷᠤᠯ
Creator ᠰᠠᠢ᠌ᠢᠵᠢᠷᠠᠬᠤ
Keyword ᠦᠯᠢᠭᠡᠷᠲᠦ ᠳᠠᠭᠤᠤ; ᠡᠮᠬᠢᠳᠭᠡᠯ ᠲᠡᠭᠦᠪᠦᠷᠢ; ᠠᠰᠠᠭᠤᠳᠠᠯ; ᠠᠩ᠋ᠬᠠᠷᠤᠯ
Abstract ᠦᠯᠢᠭᠡᠷᠲᠦ ᠳᠠᠭᠤᠤ ᠶᠢ ᠪᠠᠭᠲᠠᠭᠠᠭᠰᠠᠨ ᠠᠷᠠᠳ ᠤᠨ ᠳᠠᠭᠤᠤ ᠶᠢᠨ ᠡᠮᠬᠢᠳᠭᠡᠯ ᠲᠡᠭᠦᠪᠦᠷ ᠨᠦᠬᠦᠳ ᠨᠢ ᠠᠷᠠᠳ ᠤᠨ ᠳᠠᠭᠤᠤ ᠶᠢ ᠠᠪᠤᠷᠠᠵᠤ ᠬᠠᠮᠠᠭᠠᠯᠠᠬᠤ ᠪᠤᠶᠤ ᠬᠦᠭ᠍ᠵᠢᠭᠦᠯᠦᠨ ᠳᠡᠯᠭᠡᠷᠡᠭᠦᠯᠬᠦ ᠳᠦ ᠮᠠᠰᠢ ᠴᠢᠬᠤᠯᠠ ᠦᠢᠯᠡᠳᠦᠯ ᠭᠠᠷᠭᠠᠭᠰᠠᠨ ᠶᠤᠮ᠃ ᠭᠡᠪᠡᠴᠦ ᠲᠡᠭᠦᠨ ᠳᠦ ᠠᠷᠠᠳ ᠤᠨ ᠳᠠᠭᠤᠤ ᠶᠢ ᠬᠠᠮᠠᠭᠠᠯᠠᠵᠤ ᠬᠦᠭ᠍ᠵᠢᠭᠦᠯᠬᠦ ᠢᠨ ᠬᠠᠮᠲᠤ ᠠᠷᠠᠳ ᠤᠨ ᠳᠠᠭᠤᠤ ᠶᠢᠨ ᠠᠮᠠᠨ ᠤᠷᠠᠯᠢᠭ ᠤᠨ ᠦᠪᠡᠷᠮᠢᠴᠡ ᠰᠢᠨᠵᠢ ᠶᠢ ᠪᠠᠯᠠᠷᠬᠠᠢ᠌ᠰᠢᠭᠤᠯᠤᠭᠰᠠᠨ ᠲᠠᠯ᠎ᠠ ᠴᠤ ᠪᠤᠢ᠃ ᠲᠤᠰ ᠦᠭᠦᠯᠡᠯ ᠳᠦ ᠡᠮᠬᠢᠳᠭᠡᠯ ᠲᠡᠭᠦᠪᠦᠷᠢ ᠶᠢᠨ ᠡᠨᠡ ᠲᠠᠯ᠎ᠠ ᠶᠢᠨ ᠭᠡᠮ ᠳᠤᠳᠠᠭᠳᠠᠯ ᠢ ᠵᠢᠭᠠᠨ ᠭᠠᠷᠭᠠᠬᠤ ᠶᠢᠨ ᠬᠠᠮᠲᠤ ᠦᠯᠢᠭᠡᠷᠲᠦ ᠳᠠᠭᠤᠤ ᠶᠢ ᠪᠠᠭᠲᠠᠭᠠᠭᠰᠠᠨ ᠠᠮᠠᠨ ᠤᠷᠠᠯᠢᠭ ᠤᠨ ᠬᠤᠢ᠌ᠰᠢᠲᠠ ᠶᠢᠨ ᠰᠤᠳᠤᠯᠭᠠᠨ ᠳᠤ ᠡᠮᠬᠢᠳᠭᠡᠯ ᠲᠡᠭᠦᠪᠦᠷᠢᠳᠦ ᠰᠠᠭᠤᠷᠢᠯᠠᠬᠤ ᠪᠢᠰᠢ᠂ ᠬᠠᠷᠢᠨ ᠪᠤᠳᠠᠲᠤ ᠲᠤᠭᠯᠠᠯᠲᠠ ᠳᠤ ᠰᠠᠭᠤᠷᠢᠯᠠᠬᠤ ᠨ ᠠᠮᠠᠨ ᠤᠷᠠᠯᠢᠭ ᠤᠨ ᠤᠯᠠᠮᠵᠢᠯᠠᠯ ᠢ ᠰᠡᠷᠭᠦᠭᠡᠨ᠂ ᠲᠡᠭᠦᠨ ᠢ ᠵᠢᠩᠬᠢᠨᠢ ᠬᠠᠮᠠᠭᠠᠯᠠᠵᠤ ᠬᠦᠭ᠍ᠵᠢᠭᠦᠯᠬᠦ ᠳᠦ ᠠᠰᠢᠭᠲᠠᠢ ᠪᠤᠯᠤᠨ᠎ᠠ ᠭᠡᠬᠦ ᠰᠠᠨᠠᠯ ᠢ ᠳᠡᠪᠰᠢᠭᠦᠯᠦᠭᠰᠡᠨ ᠪᠠᠢ᠌ᠨ᠎ᠠ᠃
Original Literature View Original Paper
出自 内蒙古大学学报 2012年 第3期

联系我们


内蒙古大学图书馆
呼和浩特市大学西路235号
中国·内蒙古
P: (0471) 4992561
E: huangfeilong@imu.edu.cn