Paper Information


Title ᠪᠦᠬᠦ ᠲᠠᠯ ᠠ ᠪᠡᠷ ᠪᠡᠯᠴᠢᠭᠡᠷᠯᠡᠨ ᠮᠠᠯᠵᠢᠬᠤ ᠵᠢ ᠵᠤᠭᠰᠤᠭᠠᠬᠤ ᠲᠦᠷᠦ ᠶᠢᠨ ᠪᠣᠳᠤᠯᠭ᠎ᠠ ᠶᠢᠨ ᠲᠤᠤᠱᠯᠠᠭᠳᠠᠵᠤ ᠪᠠᠢᠭ᠎ᠠ ᠪᠠᠢᠳᠠᠯ ᠤᠨ ᠲᠣᠬᠠᠢ——ᠲᠠᠷᠬᠠᠨ ᠮᠤᠤᠮᠢᠩᠭᠠᠨ ᠬᠤᠰᠢᠭᠤᠨ ᠤ ᠪᠠᠶᠠᠨᠬᠠᠩᠭᠠᠢ ᠭᠠᠴᠠᠭ᠎ᠠ ᠪᠡᠷ ᠵᠢᠱᠢᠶᠡᠯᠡᠬᠦ ᠨᠢ
Creator ᠲᠢᠶᠸ ᠵᠦ; ᠬᠠᠨ ᠶᠦᠩ ᠮᠧᠢ
Keyword ᠪᠡᠯᠴᠢᠭᠡᠷᠯᠡᠨ ᠠᠮᠯᠵᠢᠬᠤ ᠵᠢ ᠵᠤᠭᠰᠤᠭᠠᠬᠤ; ᠲᠤᠤᠱᠯᠠᠭᠳᠠᠵᠤ ᠪᠠᠢᠭ᠎ᠠ ᠪᠠᠢᠳᠠᠯ; ᠪᠠᠶᠠᠨᠬᠠᠩᠭᠠᠢ ᠭᠠᠴᠠᠭ᠎ᠠ
Abstract ᠲᠦᠪ ᠬᠤᠷᠢᠶ ᠡ ᠪᠣᠯᠤᠨ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠤᠨ ᠤ ᠵᠢᠭᠠᠤᠤᠷᠢ ᠪᠡᠷ ᠲᠠᠮᠵᠢᠨ ᠲᠠᠷᠬᠠᠨ ᠮᠤᠤᠮᠢᠩᠭᠠᠨ ᠬᠣᠯᠪᠤᠭᠠᠲᠤ ᠬᠤᠰᠢᠭᠤ ᠪᠦᠬᠦ ᠲᠠ ᠠ ᠪᠡᠷ ᠪᠡᠯᠴᠢᠭᠡᠷᠯᠡᠨ ᠮᠠᠯᠵᠢᠬᠤ ᠵᠢ ᠵᠤᠭᠰᠤᠭᠠᠬᠤ ᠲᠦᠷᠦ ᠶᠢᠨ ᠪᠣᠳᠤᠯᠭ᠎ᠠ ᠵᠢ ᠨᠠᠢᠳᠠᠪᠤᠷᠢᠵᠢᠭᠤᠯᠤᠭᠠᠳ ᠨᠢᠭᠡᠨᠲᠡ ᠲᠠᠪᠤᠨ ᠵᠢᠯ ᠰᠢᠬᠠᠮ ᠪᠣᠯᠵᠠᠢ᠃ ᠡᠨᠡ ᠬᠦ ᠲᠦᠷᠦ ᠶᠢᠨ ᠪᠣᠳᠤᠯᠭ᠎ᠠ ᠬᠡᠷᠬᠢᠨ ᠲᠤᠤᠱᠯᠠᠭᠲᠠᠵᠤ᠂ ᠶᠠᠮᠠᠷ ᠶᠠᠮᠷ ᠠᠰᠠᠭᠤᠳᠠᠯ ᠢᠯᠡᠷᠡᠵᠦ ᠪᠠᠢᠬᠤ ᠭᠡᠬᠦ ᠮᠡᠲᠦ ᠪᠠᠢᠳᠠᠯ ᠢ ᠪᠠᠢᠴᠠᠭᠠᠨ ᠰᠣᠳᠤᠯᠬᠤ ᠨᠢ ᠲᠣᠬᠠᠢ ᠣᠷᠤᠨ ᠤ ᠮᠠᠯᠴᠢᠳ ᠤᠨ ᠦᠨᠡᠨ ᠬᠦ ᠪᠠᠢᠳᠠᠯ ᠢ ᠤᠢᠯᠠᠭᠠᠬᠤ᠂ ᠴᠢᠨᠠᠭᠰᠢᠯᠠᠭᠠᠳ ᠲᠦᠷᠦ ᠶᠢᠨ ᠪᠣᠳᠤᠯᠭ᠎ᠠ ᠶᠢᠨ ᠵᠣᠬᠢᠰ ᠦᠭᠡᠢ ᠵᠦᠢᠯ ᠳᠤ ᠲᠣᠬᠢᠷᠠᠭᠤᠯᠤᠲᠠ ᠬᠢᠵᠦ᠂ ᠠᠮᠢ ᠠᠬᠤᠢ ᠵᠢ ᠬᠠᠮᠠᠭᠠᠯᠠᠬᠤ ᠪᠠ ᠮᠠᠯᠴᠢᠳ ᠢ ᠪᠠᠶᠠᠵᠢᠭᠤᠯᠬᠤ ᠬᠠᠷᠠᠯᠲᠠ ᠵᠢ ᠵᠡᠷᠭᠡ ᠪᠡᠷ ᠪᠡᠶᠡᠯᠡᠬᠦᠯᠬᠦ ᠳ᠋ᠤ ᠤᠨᠤᠯ ᠬᠢᠭᠡᠳ ᠪᠣᠳᠠᠳᠤ ᠦᠨᠳᠦᠰᠦ ᠪᠠᠷᠢᠮᠲᠠ ᠬᠠᠩᠭᠠᠵᠤ ᠪᠣᠯᠤᠨ᠎ᠠ᠃ ᠦᠭᠦᠯᠡᠯ ᠳ᠋ᠤ ᠲᠤᠰ ᠬᠤᠰᠢᠭᠤᠨ ᠤ ᠪᠠᠶᠠᠨᠬᠠᠩᠭᠠᠢ ᠭᠠᠴᠠᠭ᠎ᠠ ᠳ᠋ᠤ ᠬᠢᠭᠰᠡᠨ ᠭᠡᠳᠦᠨ ᠵᠢᠯ ᠤᠨ ᠲᠤᠷᠰᠢᠬᠢ ᠬᠡᠭᠡᠷ ᠡ ᠶᠢᠨ ᠪᠠᠢᠴᠠᠭᠠᠯᠲᠠ ᠵᠢ ᠦᠨᠳᠦᠰᠦᠯᠡᠨ᠂ ᠪᠦᠬᠦ ᠲᠠᠯ ᠠ ᠪᠡᠷ ᠪᠡᠯᠴᠢᠭᠡᠷᠯᠡᠨ ᠮᠠᠯᠵᠢᠬᠤ ᠵᠢ ᠵᠤᠭᠰᠤᠭᠠᠬᠤ ᠲᠦᠷᠦ ᠶᠢᠨ ᠪᠣᠳᠤᠯᠭ᠎ᠠ ᠬᠢᠭᠡᠳ ᠲᠤᠤᠱᠯᠠᠭᠳᠠᠵᠤ ᠪᠠᠢᠭ᠎ᠠ ᠪᠠᠢᠳᠠᠯ ᠤᠨ ᠲᠣᠬᠠᠢ ᠰᠢᠰᠲ᠋ᠧᠮ ᠲᠠᠢ ᠲᠠᠨᠢᠯᠴᠠᠭᠤᠯᠪᠠ᠃
Original Literature View Original Paper
出自 内蒙古师范大学学报 2012年 第4期

联系我们


内蒙古大学图书馆
呼和浩特市大学西路235号
中国·内蒙古
P: (0471) 4992561
E: huangfeilong@imu.edu.cn