Paper Information


Title ᠳᠠᠭᠠᠷᠢᠯᠴᠠᠭ᠎ᠠ ᠬᠤᠯᠪᠤᠭ᠎ᠠ ᠶᠢᠨ ᠬᠦᠷᠢᠶ᠎ᠡ ᠬᠡᠪᠴᠢᠶᠡᠨ ᠳᠦ ᠬᠤᠯᠪᠤᠭᠳᠠᠬᠤ ᠨᠢᠭᠡᠨ ᠠᠰᠠᠭᠤᠳᠠᠯ
Creator ᠪᠤᠤ ᠵᠢᠨ ᠭᠠᠩ
Keyword ᠳᠠᠭᠠᠷᠢᠯᠴᠠᠭ᠎ᠠ ᠬᠤᠯᠪᠤᠭ᠎ᠠ; ᠬᠤᠷᠢᠮ ᠤᠨ ᠬᠡᠯᠡᠮᠦᠷ; ᠬᠠᠷᠢᠴᠠᠭᠤᠯᠤᠯ
Abstract ᠬᠤᠷᠢᠮ ᠤᠨ ᠬᠡᠯᠡᠮᠦᠷ ᠨᠢ ᠨᠢᠭᠡ ᠨᠢ ᠠᠰᠠᠭᠤᠪᠠᠯ᠂ ᠨᠦᠬᠦᠭᠡ ᠨᠢ ᠬᠠᠷᠢᠭᠤᠯᠬᠤ ᠠᠰᠠᠭᠤᠯᠲᠠ ᠬᠠᠷᠢᠭᠤᠯᠲᠠ ᠶᠢᠨ ᠬᠡᠯᠪᠡᠷᠢ ᠪᠡᠷ ᠬᠡᠯᠡᠭᠳᠡᠳᠡᠭ ᠲᠠᠯ᠎ᠠ ᠪᠠᠷ ᠢᠶᠠᠨ ᠳᠠᠭᠠᠷᠢᠯᠴᠠᠭ᠎ᠠ ᠬᠤᠯᠪᠤᠭ᠎ᠠ ᠲᠠᠢ ᠲᠤᠩ ᠠᠳᠠᠯᠢᠪᠲᠤᠷ ᠪᠠᠢ᠌ᠭ᠎ᠠ ᠶᠤᠮ᠃ ᠭᠡᠡᠴᠦ ᠬᠡᠯᠡᠭᠳᠡᠬᠦ ᠭᠠᠵᠠᠷ ᠣᠷᠤᠨ᠂ ᠴᠠᠭ᠂ ᠣᠷᠤᠯᠴᠠᠬᠤ ᠬᠦᠮᠦᠨ᠂ ᠮᠦᠷ ᠪᠠᠳᠠᠭ᠂ ᠠᠶ᠎ᠠ ᠠᠶᠠᠯᠭᠤ᠂ ᠠᠭᠤᠯᠭ᠎ᠠ ᠭᠡᠬᠦ ᠮᠡᠲᠦ ᠣᠯᠠᠨ ᠲᠠᠯ᠎ᠠ ᠪᠠᠷ ᠬᠠᠷᠢᠴᠠᠭᠤᠯᠵᠤ ᠦᠵᠡᠪᠡᠯ ᠢᠯᠡ ᠲᠤᠳᠤ ᠢᠯᠠᠭᠠᠭᠳᠠᠬᠤ ᠦᠪᠡᠷᠮᠢᠴᠡ ᠣᠨᠴᠠᠯᠢᠭ ᠲᠠᠢ᠃ ᠡᠢ᠌ᠮᠦ ᠡᠴᠡ ᠬᠤᠷᠢᠮ ᠤᠨ ᠬᠡᠯᠡᠮᠦᠷ ᠢ ᠳᠠᠭᠠᠷᠢᠯᠴᠠᠭ᠎ᠠ ᠬᠤᠯᠪᠤᠭ᠎ᠠ ᠭᠡᠵᠦ ᠦᠵᠡᠨ᠂ ᠳᠠᠭᠠᠷᠢᠯᠴᠠᠭ᠎ᠠ ᠬᠤᠯᠪᠤᠭ᠎ᠠ ᠶᠢᠨ ᠬᠦᠷᠢᠶ᠎ᠡ ᠬᠡᠪᠴᠢᠶᠡᠨ ᠳᠦ ᠪᠠᠭᠲᠠᠭᠠᠨ ᠦᠵᠡᠬᠦ ᠨᠢᠵᠤᠬᠢᠰ ᠦᠭᠡᠢ᠂ ᠬᠠᠷᠢᠨ ᠲᠡᠭᠦᠨ ᠢ ᠤᠷᠤᠭ ᠬᠤᠷᠢᠮ ᠤᠨ ᠵᠠᠩ ᠦᠢᠯᠡ ᠳᠦ ᠬᠤᠯᠪᠤᠭᠳᠠᠭᠰᠠᠨ ᠪᠡᠶ᠎ᠡ ᠪᠡᠨ ᠳᠠᠭᠠᠭᠠᠭᠰᠠᠨ ᠨᠢᠭᠡ ᠵᠤᠢ᠌ᠯ ᠤᠨ ᠢᠷᠠᠭᠤ ᠨᠠᠢ᠌ᠷᠠᠭ ᠭᠡᠵᠦ ᠦᠵᠡᠪᠡᠯ ᠵᠤᠬᠢᠰᠲᠠᠢ᠃
Original Literature View Original Paper
出自 内蒙古民族大学学报(社会科学) 2011年 第3期

联系我们


内蒙古大学图书馆
呼和浩特市大学西路235号
中国·内蒙古
P: (0471) 4992561
E: huangfeilong@imu.edu.cn