Paper Information


Title Mn1.18Cr0.02Fe0.8P0.95-xGexSi0.05 ᠮᠠᠲ᠋ᠧᠷᠢᠶᠠᠯ ᠤᠨ ᠰᠤᠷᠤᠢᠨᠵᠢᠨ ᠬᠦᠷᠦᠭᠡᠯᠲᠡ ᠶᠢᠨ ᠰᠢᠨᠵᠢ ᠴᠢᠨᠠᠷ ᠵᠢᠴᠢ ᠰᠢᠯᠢᠳᠡᠭᠵᠢᠭᠦᠯᠦᠯ
Creator ᠾᠧ ᠰᠢᠶᠤᠤ ᠯᠦᠩ; ᠬᠠᠰᠴᠢᠯᠠᠭᠤ; ᠨᠢᠩ ᠵᠢᠶᠦ᠋ᠨ; ᠲᠡᠭᠦᠰ
Keyword ᠰᠤᠷᠤᠢᠨᠵᠢᠨ ᠢᠯᠴᠢ ᠦᠢᠯᠡᠴᠢᠯᠡᠭᠡ; ᠺᠶᠦ᠋ᠷᠢ ᠴᠡᠭ; ᠰᠤᠷᠢᠨᠵᠢᠨ ᠡᠧᠨ᠋ᠲ᠋ᠷᠤᠫᠢ ᠶᠢᠨ ᠬᠤᠪᠢᠷᠠᠯᠲᠠ; ᠢᠯᠴᠢ ᠬᠤᠵᠢᠮᠳᠠᠯ
Abstract ᠮᠠᠲ᠋ᠧᠷᠢᠶᠠᠯ Mn1.18Cr0.02Fe0.8P0.95-xGexSi0.05 ᠶᠢ ᠬᠢᠵᠦ ᠪᠦᠲᠦᠭᠡᠬᠦ ᠠᠷᠭ᠎ᠠ ᠪᠠ ᠰᠤᠷᠢᠨᠵᠢᠨ ᠬᠦᠷᠦᠭᠡᠯᠲᠡ ᠶᠢᠨ ᠰᠢᠨᠵᠢ ᠴᠢᠨᠠᠷ ᠵᠢᠴᠢ ᠲᠡᠭᠦᠨ ᠢ ᠰᠢᠯᠢᠳᠡᠭᠵᠢᠭᠦᠯᠬᠦ ᠲᠤᠬᠠᠢ ᠰᠤᠳᠤᠯᠵᠠᠢ᠃ X ᠰᠠᠴᠤᠷᠠᠭ ᠤᠨ ᠲᠦᠭᠡᠯᠲᠡ ᠪᠡ ᠰᠤᠷᠢᠨᠵᠢᠨ ᠴᠢᠨᠠᠷ ᠤᠨ ᠬᠡᠮᠵᠢᠯᠲᠡ ᠪᠡᠷ ᠳᠠᠮᠵᠢᠨ ᠨᠢᠭᠡᠳᠪᠦᠷᠢ ᠶᠢᠨ ᠪᠦᠲᠦᠴᠡ ᠬᠢᠭᠡᠳ ᠰᠤᠷᠢᠨᠵᠢᠨ ᠬᠦᠷᠦᠭᠡᠯᠲᠡ ᠶᠢᠨ ᠰᠢᠨᠵᠢ ᠴᠢᠨᠠᠷ ᠢ ᠰᠤᠳᠤᠯᠤᠭᠰᠠᠨ ᠪᠠᠢᠨ᠎ᠠ᠃ ᠲᠤᠰ ᠨᠢᠭᠡᠳᠪᠦᠷᠢ ᠨᠢ Fe2P ᠮᠠᠶᠢᠭ ᠤᠨ ᠲᠠᠯᠠᠰᠲᠤ ᠪᠡᠶ᠎ᠡ ᠶᠢᠨ ᠪᠦᠲᠦᠴᠡ ᠲᠡᠢ᠃ Si ᠤᠨ ᠨᠡᠮᠡᠭᠳᠡᠬᠦ ᠶᠢ ᠳᠠᠭᠠᠯᠳᠤᠨ Fe2P ᠪᠦᠲᠦᠴᠡ ᠨᠢ ᠲᠤᠭᠲᠠᠪᠤᠷᠢᠵᠢᠨ᠎ᠠ᠃ ᠲᠤᠷᠰᠢᠯᠲᠠ ᠶᠢᠨ ᠶᠠᠪᠤᠴᠠ ᠠᠴᠠ ᠰᠤᠷᠢᠨᠵᠢᠯᠲᠠ ᠶᠢᠨ ᠬᠦᠴᠦᠯᠡᠴᠡ ᠨᠢ ᠳᠤᠯᠠᠭᠠᠨ ᠤ ᠬᠡᠮᠵᠢᠶ᠎ᠡ ᠶᠢ ᠳᠠᠭᠠᠯᠳᠤᠨ ᠬᠤᠪᠢᠷᠠᠬᠤ ᠵᠢᠷᠤᠮᠠᠭ ᠠᠴᠠ ᠢᠯᠴᠢ ᠬᠤᠵᠢᠮᠳᠠᠯ ᠦᠭᠡᠢ ᠪᠤᠶᠤ ᠲᠤᠩ ᠪᠠᠭ᠎ᠠ ᠭᠡᠳᠡᠭ ᠢ ᠦᠵᠡᠵᠦ ᠭᠠᠷᠤᠨ᠎ᠠ᠃ ᠲᠤᠰ ᠬᠡᠯᠪᠡᠷᠢ ᠶᠢᠨ ᠨᠢᠭᠡᠳᠪᠦᠷᠢ ᠶᠢᠨ ᠺᠶᠦ᠋ᠷᠢ ᠴᠡᠭ ᠨᠢ Ge ᠶᠢᠨ ᠨᠡᠮᠡᠭᠳᠡᠬᠦ ᠶᠢ ᠳᠠᠭᠠᠯᠳᠤᠨ ᠨᠡᠮᠡᠭᠳᠡᠬᠦ ᠪᠦᠭᠡᠳ 0~1.5T ᠭᠠᠳᠠᠭᠠᠳᠤ ᠰᠤᠷᠢᠨᠵᠢᠨ ᠣᠷᠤᠨ ᠤ ᠳᠤᠲᠤᠷ᠎ᠠ ᠬᠠᠮᠤᠭ ᠤᠨ ᠶᠡᠬᠡ ᠢᠵᠢᠯ ᠳᠤᠯᠠᠭᠠᠨᠲᠤ ᠰᠤᠷᠢᠨᠵᠢᠨ ᠡᠧᠨ᠋ᠲ᠋ᠷᠤᠫᠢ ᠶᠢᠨ ᠬᠤᠪᠢᠷᠠᠯᠲᠠ ᠨᠢ 8Jkg-1K-1 ᠪᠤᠯᠬᠤᠷ ᠲᠤᠰ ᠮᠠᠲ᠋ᠧᠷᠢᠶᠠᠯ ᠨᠢ ᠲᠠᠰᠤᠭ ᠤᠨ ᠳᠤᠯᠠᠭᠠᠨ ᠤ ᠣᠷᠴᠢᠨ ᠳᠤ ᠰᠢᠯᠢᠳᠡᠭ ᠰᠤᠷᠢᠨᠵᠢᠨ ᠢᠯᠴᠢ ᠦᠢᠯᠡᠴᠢᠯᠡᠯᠭᠡ ᠲᠠᠢ ᠭᠡᠳᠡᠭ ᠢ ᠮᠡᠳᠡᠵᠡᠢ᠃
Original Literature No Original Paper
出自 内蒙古师范大学学报(自然科学蒙古文版) 2010年 第1期

联系我们


内蒙古大学图书馆
呼和浩特市大学西路235号
中国·内蒙古
P: (0471) 4992561
E: huangfeilong@imu.edu.cn