Paper Information


Title 《ᠷᠠᠰᠢᠶᠠᠨ ᠤ ᠲᠤᠰᠤᠯ》 ᠤᠨ ᠮᠤᠩᠭ᠋ᠤᠯ ᠤᠷᠴᠢᠭᠤᠯᠭ᠎ᠠ ᠶᠢᠨ ᠪᠠᠷ ᠬᠡᠪᠯᠡᠯ ᠤᠨ ᠲᠤᠢ᠌ᠮᠤ
Creator ᠪᠤᠷᠵᠢᠭᠢᠨ ᠴᠢᠯᠠᠭᠤ
Keyword 《ᠷᠠᠰᠢᠶᠠᠨ ᠤ ᠲᠤᠰᠤᠯ》; ᠮᠤᠩᠭ᠋ᠤᠯ ᠤᠷᠴᠢᠭᠤᠯᠭ᠎ᠠ; ᠪᠠᠷ ᠬᠡᠪᠯᠡᠯ
Abstract ᠦᠭᠦᠯᠡᠯ ᠳᠤ 《ᠷᠠᠰᠢᠶᠠᠨ ᠤ ᠲᠤᠰᠤᠯ》 ᠤᠨ ᠮᠤᠩᠭ᠋ᠤᠯ ᠤᠷᠴᠢᠭᠤᠯᠭ᠎ᠠ ᠶᠢᠨ ᠡᠬᠡ ᠨᠤᠭᠦᠳ ᠤᠨ ᠪᠠᠷ ᠬᠡᠪᠯᠡᠯ ᠵᠢᠴᠢ ᠰᠤᠷᠪᠤᠯᠵᠢ ᠪᠢᠴᠢᠭ᠌ ᠤᠨ ᠲᠠᠯ᠎ᠠ ᠪᠡᠷ ᠬᠢ ᠤᠨᠴᠠᠯᠢᠭ ᠢ ᠨᠠᠷᠢᠨ ᠲᠠᠨᠢᠯᠴᠠᠭᠤᠯᠬᠤ ᠶᠢ ᠬᠢᠴᠢᠶᠡᠵᠡᠢ᠃ ᠡᠭᠦᠨ ᠳᠤ ᠮᠤᠩᠭ᠋ᠤᠯ 《ᠳ᠋ᠠᠨᠵᠤᠤᠷ》 ᠲᠤ ᠬᠢ ᠦᠵᠦᠮᠦᠴᠢᠨ ᠤ ᠴᠠᠪᠳᠠᠨ ᠪᠠᠢ᠌ᠯᠡ ᠶᠢᠨ ᠬᠤᠰᠢᠭᠤᠨ ᠤ ᠯᠤᠪᠰᠠᠩᠳᠠᠨᠵᠢᠨ ᠤ ᠤᠷᠴᠢᠭᠤᠯᠭ᠎ᠠ᠂ ᠴᠠᠬᠠᠷ ᠬᠡᠪᠰᠢ ᠯᠤᠪᠰᠠᠩᠴᠦ᠋ᠯᠳᠦᠮ ᠤᠨ ᠤᠷᠴᠢᠭᠤᠯᠭ᠎ᠠ᠂ ᠪᠤᠷᠢᠶᠠᠳ ᠤᠨ ᠭᠠᠯᠰᠠᠩᠵᠢᠮᠪᠠ ᠶᠢᠨ ᠤᠷᠴᠢᠭᠤᠯᠭ᠎ᠠ᠂ ᠪᠤᠷᠢᠶᠠᠳ ᠤᠨ ᠨᠤᠮᠳᠤ ᠶᠢᠨ ᠷᠢᠨᠴᠢᠨ ᠤ ᠤᠷᠴᠢᠭᠤᠯᠭ᠎ᠠ᠂ ᠳ᠋ᠠᠢ ᠭᠦᠦᠰᠢ ᠠᠭᠸᠠᠩᠳᠠᠮᠫᠢᠯ ᠤᠨ ᠤᠷᠴᠢᠭᠤᠯᠭ᠎ᠠ ᠵᠡᠷᠭᠡ ᠲᠠᠪᠤᠨ ᠵᠦᠢᠯ ᠤᠨ ᠤᠷᠴᠢᠭᠤᠯᠭ᠎ᠠ ᠶᠢᠨ ᠡᠬᠡ ᠡᠴᠡ ᠭᠠᠳᠠᠨ᠎ᠠ ᠡᠷᠳᠡᠮ ᠰᠢᠨᠵᠢᠯᠡᠭᠡᠨ ᠤ ᠡᠷᠭᠢᠯᠳᠡ ᠳᠤ ᠬᠠᠷᠠᠬᠠᠨ ᠤᠷᠤᠵᠤ ᠴᠢᠳᠠᠭ᠎ᠠ ᠦᠭᠡᠢ ᠬᠠᠯᠢᠮᠠᠭ ᠲᠤ ᠬᠢ 《ᠷᠠᠰᠢᠶᠠᠨ ᠨᠤᠮ ᠤᠨ ᠲᠤᠭᠤᠵᠢ》 ᠵᠢᠴᠢ ᠵᠤᠬᠢᠶᠠᠭᠴᠢ ᠶᠢᠨ ᠰᠢᠨ᠎ᠡ ᠪᠡᠷ ᠢᠯᠡᠷᠡᠭᠦᠯᠦᠭᠰᠡᠨ 《ᠷᠠᠰᠢᠶᠠᠨ ᠤ ᠲᠤᠰᠤᠯ》 ᠤᠨ ᠤᠷᠴᠢᠭᠤᠯᠭ᠎ᠠ (ᠪᠦᠷᠢᠨ ᠪᠤᠰᠤ)ᠵᠡᠷᠭᠡ ᠡᠬᠡ ᠨᠤᠭᠦᠳ ᠢ ᠪᠠᠭᠳᠠᠭᠠᠨ ᠲᠠᠨᠢᠯᠴᠠᠭᠤᠯᠵᠠᠢ᠃
Original Literature View Original Paper
出自 内蒙古社会科学(蒙文版) 2016年 第2期

联系我们


内蒙古大学图书馆
呼和浩特市大学西路235号
中国·内蒙古
P: (0471) 4992561
E: huangfeilong@imu.edu.cn