Abstract |
《ᠵᠠᠩᠭ᠋ᠠᠷ》 ᠤᠨ ᠰᠣᠳᠤᠯᠭᠠᠨ ᠨᠢ ᠣᠳᠣ ᠪᠣᠯᠲᠠᠯ ᠠ ᠦᠷᠭᠡᠨ ᠬᠡᠪᠴᠢᠶ ᠠ ᠲᠠᠢ᠂ ᠬᠦᠨᠴᠡ ᠲᠠᠢ ᠶᠠᠪᠤᠭᠳᠠᠵᠤ ᠪᠠᠢᠢᠬᠤ ᠪᠣᠯᠪᠠᠴᠤ ᠲᠤᠸᠠ《 ᠵᠠᠩᠭ᠋ᠠᠷ》 ᠢ ᠲᠤᠰᠬᠠᠢᠢᠯᠠᠨ ᠰᠣᠳᠤᠯᠤᠭᠰᠠᠨ ᠪᠣᠶᠣ ᠪᠣᠰᠤᠳ ᠭᠠᠵᠠᠷ ᠣᠷᠤᠨ ᠤ 《ᠵᠠᠩᠭ᠋ᠠᠷ 》ᠲᠠᠢ ᠬᠠᠷᠢᠴᠠᠭᠤᠯᠤᠭᠰᠠᠨ ᠰᠣᠳᠣᠯᠣᠯ ᠲᠣᠩ ᠴᠦᠬᠡᠨ᠂ ᠨᠡᠩ ᠢᠯᠠᠩᠭ᠋ᠤᠢ ᠠ ᠲᠤᠸᠠ《 ᠵᠠᠩᠭ᠋ᠠᠷ》ᠬᠢᠭᠡᠳ ᠰᠢᠨᠵᠢᠶᠠᠩ 《ᠵᠠᠩᠭ᠋ᠠᠷ》 ᠤᠨ ᠬᠤᠭᠤᠷᠤᠨᠳᠤᠬᠢ ᠬᠠᠷᠢᠴᠠᠭᠤᠯᠤᠯ ᠣᠳᠣ ᠪᠣᠯᠲᠠᠯ ᠠ ᠬᠠᠷᠠᠬᠠᠨ ᠬᠠᠷᠠᠭᠳᠠᠭ᠋ ᠠ ᠦᠭᠡᠢ ᠪᠠᠢᠢᠳᠠᠯ ᠳᠤ ᠴᠢᠭᠯᠡᠬᠦᠯᠦᠨ ᠲᠤᠸᠠ ᠡᠴᠡ ᠣᠯᠳᠠᠭᠰᠠᠨ《ᠪᠣᠭᠳᠠ ᠴᠠᠩᠭ᠋ᠠᠷ ᠬᠠᠭᠠᠨ 》ᠬᠡᠭᠦ ᠪᠦᠯᠦᠭ ᠢ ᠰᠢᠨᠵᠢᠶᠠᠩ《 ᠵᠠᠩᠭ᠋ᠠᠷ》 ᠲᠡᠬᠢ ᠦᠯᠢᠭᠡᠷ ᠦᠢᠯᠡ ᠶᠠᠪᠤᠳᠠᠯ ᠣᠢᠷᠠᠯᠴᠠᠭ᠋ ᠠ ᠪᠣᠯᠬᠤ ᠬᠠᠳᠦᠨ ᠪᠦᠯᠦᠭ ᠲᠠᠢ ᠦᠭᠦᠯᠡᠮᠵᠢ ᠶᠢᠨ ᠬᠠᠷᠢᠴᠠᠭᠤᠯᠤᠯ ᠬᠢᠬᠦ ᠪᠡᠷ ᠲᠠᠮᠵᠢᠨ ᠬᠣᠶᠠᠷ ᠭᠠᠵᠠᠷ ᠣᠷᠤᠨ ᠤ 《ᠵᠠᠩᠭ᠋ᠠᠷ》 ᠨᠢ ᠬᠤᠭᠤᠷᠤᠨᠳᠤ ᠪᠠᠨ ᠴᠣᠬᠤᠮ ᠶᠠᠮᠠᠷ ᠰᠢᠭ ᠬᠠᠷᠢᠴᠠᠭ᠋ ᠠ ᠲᠠᠢ ᠪᠠᠢᠭ᠋ ᠠ ᠵᠢ ᠲᠣᠳᠤᠷᠬᠠᠢᠢᠯᠠᠬᠤ ᠪᠡᠷ ᠵᠣᠷᠢᠯᠲᠠ ᠪᠠᠨ ᠪᠣᠯᠭᠠᠪᠠ᠃ |