Paper Information


Title 1966-1979 ᠤᠨ ᠤ ᠬᠤᠭᠤᠷᠤᠨᠳᠤ 《 ᠬᠤᠨ ᠭᠠᠯᠠᠠᠭᠤ》 ᠰᠡᠳᠬᠦᠯ ᠳᠤ ᠨᠡᠢᠳᠡᠯᠡᠭᠳᠡᠭᠰᠡᠨ ᠰᠢᠯᠦᠭ ᠬᠤᠯᠪᠤᠭ᠎ᠠ ᠲᠠᠭᠤᠤ ᠵᠢ ᠠᠵᠢᠭᠯᠠᠬᠤ ᠨᠢ
Creator ᠮᠢᠩ ᠬᠤᠸᠠ
Keyword 《 ᠬᠤᠨ ᠭᠠᠯᠠᠠᠭᠤ》 ᠰᠡᠳᠬᠦᠯ ᠤᠨ ᠵᠤᠬᠢᠶᠠᠯ ᠪᠦᠳᠤᠭᠡᠯ; ᠮᠠᠭᠳᠠᠭᠠᠯ ᠲᠠᠭᠤᠯᠠᠯ; ᠪᠤᠷᠤᠭᠤᠰᠢᠶᠠᠨ ᠰᠢᠬᠦᠮᠵᠢᠯᠡᠬᠦ
Abstract 《ᠬᠤᠨ ᠭᠠᠯᠠᠭᠤ》 ᠰᠡᠳᠬᠦᠯ ᠭᠤᠤᠯᠳᠠᠭᠤ ᠬᠦᠳᠡᠭᠡ ᠲᠤᠰᠬᠤᠨ ᠤ ᠠᠵᠢᠯ ᠤᠨ ᠴᠢᠯᠦᠭᠡᠨ ᠤ ᠤᠬᠠᠭᠤᠯᠬᠤ ᠠᠩᠬᠢ᠂ ᠤᠷᠠᠨ ᠰᠠᠢᠬᠠᠨ ᠤ ᠪᠦᠯᠬᠦᠮ ᠪᠡ ᠤᠯᠠᠭᠠᠨᠮᠦ᠋ᠴᠢᠷ ᠤᠨ ᠲᠤᠭᠯᠠᠯᠳᠠ ᠳᠤ ᠲᠤᠬᠢᠷᠠᠮᠵᠢᠳᠡᠢ ᠲᠤᠭᠯᠠᠯᠳᠠ ᠶᠢᠨ ᠵᠤᠬᠢᠶᠠᠯ ᠪᠦᠳᠤᠭᠡᠯ ᠨᠡᠢᠳᠠᠯᠡᠵᠦ᠂ ᠲᠡᠳᠡᠨ ᠤ ᠲᠤᠭᠯᠠᠯᠳᠠ ᠪᠠᠷ ᠲᠠᠮᠵᠢᠭᠤᠯᠵᠦ ᠤᠯᠠᠨ ᠲᠦᠮᠡᠨ ᠳᠤ ᠤᠷᠠᠯᠢᠭ ᠤᠨ ᠬᠦᠷᠳᠡᠭᠡᠯ ᠤᠯᠭᠤᠬᠤ ᠪᠤᠶᠤ ᠰᠤᠷᠭᠠᠨ ᠬᠦᠮᠦᠵᠢᠬᠦᠯᠬᠦ᠂ ᠰᠤᠷᠳᠠᠯᠴᠢᠯᠡᠨ ᠤᠬᠠᠭᠤᠯᠬᠤ᠂ᠵᠤᠷᠢᠭᠵᠢᠭᠤᠯᠬᠤ᠂ ᠪᠦᠯᠬᠦᠮᠳᠡᠬᠦᠯᠬᠦ ᠵᠤᠷᠢᠯᠭ᠎ᠠ ᠳ᠋ᠠᠭᠠᠨ ᠬᠦᠷᠴᠦ ᠴᠢᠳᠠᠭᠰᠠᠨ ᠪᠠᠢᠨ᠎ᠠ᠃ ᠡᠢᠮᠦ ᠡᠴᠨ《 ᠬᠤᠨ ᠭᠠᠯᠠᠭᠤ》 ᠰᠡᠳᠬᠦᠯ ᠤᠨ ᠵᠤᠬᠢᠶᠠᠨ ᠪᠦᠳᠤᠭᠡᠯ ᠨᠢ ᠤᠯᠤᠰ ᠲᠦᠷᠦ ᠶᠢᠨ ᠰᠤᠷᠳᠠᠯ ᠤᠬᠠᠭᠤᠯᠭ᠎ᠠ ᠶᠢᠨ ᠵᠤᠷᠢᠯᠭ᠎ᠠ ᠪᠡᠨ ᠪᠠᠶᠠᠯᠠᠬᠦᠯᠬᠦ ᠮᠠᠶᠢᠭ ᠶᠢᠡᠷ ᠪᠴᠢᠭᠳᠡᠭᠰᠡᠨ ᠶᠤᠮ᠃《 ᠬᠤᠨ ᠭᠠᠯᠠᠭᠤ》 ᠰᠡᠳᠬᠦᠯ ᠳᠤ ᠨᠡᠢᠳᠡᠯᠭᠳᠡᠭᠰᠡᠨ ᠰᠢᠯᠦᠭ᠂ ᠲᠠᠭᠤᠤ᠂ ᠬᠤᠯᠪᠤᠭ᠎ᠠ ᠵᠢ ᠨᠠᠢᠳᠡᠮ ᠳ᠋ᠤᠨᠢ ᠠᠵᠢᠭᠯᠠᠬᠤ ᠳᠤ᠂《ᠮᠠᠭᠳᠠᠭᠠᠯ ᠲᠠᠭᠤᠯᠠᠯ》 ᠪᠤᠯᠤᠨ《ᠪᠤᠷᠤᠭᠤᠰᠢᠶᠠᠨ ᠰᠢᠬᠦᠮᠵᠢᠯᠡᠬᠦ》 ᠭᠡᠬᠦ ᠡᠶᠡᠷᠬᠦ ᠰᠦᠭᠡᠷᠬᠦ ᠬᠤᠶᠠᠷ ᠵᠤᠢᠯ ᠶᠢᠡᠷ ᠤᠶᠠᠩᠭᠠᠯᠠᠵᠦ᠂ ᠲᠠᠭᠤᠯᠠᠵᠦ᠂ ᠬᠤᠯᠪᠤᠵᠦ ᠪᠠᠢᠵᠡᠢ᠃
Original Literature View Original Paper
出自 内蒙古社会科学(蒙文版) 2014年 第6期

联系我们


内蒙古大学图书馆
呼和浩特市大学西路235号
中国·内蒙古
P: (0471) 4992561
E: huangfeilong@imu.edu.cn