Paper Information


Title ᠬᠤᠷᠴᠢᠨ ᠤ ᠨᠤᠳᠤᠭ ᠤᠰᠤᠨ ᠤ ᠲᠤᠭᠤᠵᠢᠰ ᠲᠡᠬᠢ ᠴᠠᠭᠠᠴᠢᠯᠠᠨ ᠢᠷᠡᠭᠰᠡᠳ ᠤᠨ ᠲᠦᠷᠢ ᠳᠤ ᠢᠯᠡᠷᠡᠭᠰᠡᠨ ᠦᠪᠡᠷᠮᠢᠴᠡ ᠰᠤᠶᠤᠯ ᠰᠡᠳᠭᠢᠴᠡ — 《ᠮᠤᠩᠭ᠋ᠤᠯᠵᠢᠨ ᠠᠪᠤ》ᠭᠡᠬᠦ ᠠᠳᠠᠯᠢ ᠭᠠᠷᠴᠠᠭᠳᠤ ᠬᠤᠶᠠᠷ ᠲᠤᠭᠤᠵᠢᠰ ᠶᠢᠡᠷ ᠵᠢᠱᠢᠶᠡᠯᠡᠬᠦ ᠨᠢ
Creator ᠲᠤ᠋ • ᠲᠡᠮᠦᠷᠪᠠᠭᠠᠨ᠎ᠠ
Keyword ᠬᠤᠷᠴᠢᠨ ᠤ ᠨᠤᠳᠤᠭ ᠤᠰᠤᠨ ᠤ ᠲᠤᠭᠤᠵᠢᠰ; ᠴᠠᠭᠠᠴᠢᠯᠠᠨ ᠢᠷᠡᠭᠰᠡᠳ; ᠮᠤᠩᠭ᠋ᠤᠯᠵᠢᠨ ᠠᠪᠤ; ᠰᠤᠶᠤᠯ ᠰᠡᠳᠭᠢᠴᠡ
Abstract 《ᠮᠤᠩᠭ᠋ᠤᠯᠵᠢᠨ ᠠᠪᠤ》ᠭᠡᠬᠦ ᠢᠵᠢᠯ ᠰᠡᠳᠦᠪᠯᠡᠭᠦᠨᠳᠦ ᠬᠤᠶᠠᠷ ᠲᠤᠭᠤᠵᠢᠰ ᠲᠡᠬᠢ ᠬᠤᠶᠠᠷ ᠮᠤᠩᠭ᠋ᠤᠯᠵᠢᠨ ᠠᠪᠤ ᠪᠤᠯ ᠬᠤᠷᠴᠢᠨ ᠨᠤᠳᠤᠭ ᠡᠴᠡ ᠨᠡᠩ ᠡᠷᠳᠡᠨ ᠲᠠᠷᠢᠶᠠᠯᠠᠬᠤ ᠰᠤᠶᠤᠯ ᠲᠠᠢ ᠤᠢ᠌ᠷᠠᠳᠤᠭᠰᠠᠨ ᠮᠤᠩᠭ᠋ᠤᠯᠵᠢᠨ ᠬᠤᠰᠢᠭᠤ ᠡᠴᠡ ᠬᠤᠷᠴᠢᠨ ᠳᠤ ᠴᠠᠭᠠᠴᠢᠯᠠᠵᠤ ᠢᠷᠡᠭᠰᠡᠨ ᠠᠩᠬᠠᠨ ᠤ ᠦᠶ᠎ᠡ ᠶᠢᠨ ᠲᠠᠷᠢᠶᠠᠴᠢᠨ (ᠨᠤᠭᠤᠭᠠᠴᠢᠨ) ᠪᠠᠢ᠌ᠵᠤ᠂ ᠡᠭᠡᠳᠡᠷᠡᠭᠡᠨ ᠪᠤᠳᠤᠯᠢᠶᠠᠨᠳᠤ ᠶᠢᠷᠳᠢᠨᠴᠦ ᠶᠢᠨ ᠡᠯᠳᠡᠪ ᠤᠴᠠᠷᠠᠯ ᠢ ᠨᠡᠩ ᠭᠦᠨᠵᠡᠭᠡᠢ ᠤᠢ᠌ᠯᠠᠭᠠᠵᠤ ᠶᠠᠪᠤᠭᠰᠠᠨ ᠤ ᠲᠡᠭᠡᠷ᠎ᠡ ᠪᠠᠰᠠ ᠦᠢᠯᠡᠳᠪᠦᠷᠢᠯᠡᠯ ᠤᠨᠳᠤᠷᠤᠯᠭ᠎ᠠ ᠶᠢᠨ ᠬᠢᠨᠢ ᠠᠳᠠᠯᠢ ᠪᠤᠰᠤ ᠡᠴᠡ ᠪᠤᠯᠵᠤ᠂ ᠬᠤᠷᠴᠢᠨ ᠤ ᠮᠠᠯᠵᠢᠬᠤ ᠰᠤᠶᠤᠯ ᠤᠨ ᠡᠰᠡᠷᠭᠦᠴᠡᠯ ᠭᠠᠳᠠᠭᠤᠷᠴᠢᠯᠠᠯ ᠢ ᠤᠯᠤᠭᠰᠠᠭᠠᠷ ᠪᠠᠢ᠌ᠭᠰᠠᠨ ᠤ ᠲᠤᠯᠠᠳᠠ ᠲᠡᠳᠡ ᠨᠠᠷ ᠤᠨ ᠵᠠᠩ ᠴᠢᠨᠠᠷ ᠨᠢ ᠬᠦᠨᠳᠦ ᠴᠢᠬᠢᠮᠡᠢ᠂ ᠬᠢᠨᠠᠭᠤᠷ ᠯᠠᠪᠳᠠᠭᠤᠨ ᠶᠢᠡᠷ ᠭᠤᠤᠯᠳᠠᠵᠤ᠂ ᠦᠩᠭᠡᠨ ᠲᠡᠭᠡᠷ᠎ᠡ ᠪᠠᠨ ᠦᠭᠡ ᠲᠠᠭᠤᠨ ᠴᠦᠬᠡᠨ ᠲᠠᠢ ᠪᠡᠷ ᠠᠮᠢᠳᠤᠷᠠᠵᠤ ᠢᠷᠡᠭᠰᠡᠳ ᠪᠤᠶᠤ ᠡᠰᠡᠭᠦᠯ᠎ᠡ ᠦᠭᠦᠯᠡᠵᠦ ᠦᠴᠢᠬᠦ ᠳᠡᠭᠡᠨ ᠬᠤᠯᠠ ᠪᠤᠳᠤᠯᠭ᠎ᠠ ᠠᠯᠤᠰ ᠤᠨ ᠬᠠᠷᠠᠴᠠ ᠶᠢ ᠠᠬᠤᠭᠤᠯᠵᠤ ᠶᠠᠪᠤᠭᠰᠠᠳ ᠤᠨ ᠲᠦᠷᠢ ᠪᠠᠢ᠌ᠪᠠᠴᠤ ᠲᠤᠭᠤᠵᠢᠰ ᠤᠨ ᠶᠢᠷᠳᠢᠨᠴᠦ ᠳᠤ ᠴᠤᠬᠤᠮ ᠬᠦ ᠲᠤᠳᠤᠷ ᠲᠠᠮᠢᠷᠯᠢᠭ᠋᠂ ᠲᠡᠰᠪᠦᠷᠢ ᠲᠡᠪᠴᠢᠶᠡᠷᠢᠳᠦ ᠤᠶᠤᠯᠢᠭ ᠵᠤᠷᠢᠭ ᠰᠠᠨᠠᠭ᠎᠎᠎ᠠ ᠪᠦᠬᠦᠢ ᠦᠪᠡᠷᠮᠢᠴᠡ ᠰᠤᠶᠤᠯ ᠰᠡᠳᠭᠢᠴᠡ ᠲᠠᠢ ᠪᠡᠷ ᠢᠯᠡᠷᠡᠭᠡᠳ᠂ ᠭᠡᠳᠡᠷ ᠭᠠᠩᠳᠠᠭᠤᠨ ᠦᠭᠡ ᠬᠡᠯᠡ ᠲᠡᠭᠡᠷ᠎ᠡ ᠪᠠᠨ ᠪᠢᠰᠢ᠂ ᠬᠠᠷᠢᠨ ᠬᠡᠯᠡᠵᠦ ᠬᠢᠬᠦ ᠪᠠᠨ ᠨᠢᠭᠡᠳᠭᠡᠵᠦ ᠶᠠᠪᠤᠳᠠᠭ ᠦᠢᠯᠡ ᠠᠵᠢᠯᠯᠠᠭ᠎ᠠ ᠵᠢᠴᠢ ᠭᠡᠷ ᠲᠡᠷᠭᠡ᠂ ᠠᠳᠠᠯ ᠤᠳᠤᠷᠤᠯᠭ᠎ᠠ ᠲᠡᠭᠡᠷ᠎ᠡ ᠪᠠᠨ ᠵᠢᠩᠭᠢᠨᠢ ᠡᠷ᠎ᠡ ᠰᠢᠨᠳᠠᠰᠤ ᠪᠠᠨ ᠦᠵᠡᠭᠦᠯᠦᠭᠰᠡᠨ ᠬᠤᠷᠴᠢᠨᠴᠤᠳ ᠤᠨ ᠦᠪᠡᠷᠮᠢᠴᠡ ᠨᠢᠭᠡᠨ ᠰᠤᠶᠤᠯ ᠤᠬᠠᠮᠰᠠᠷ ᠢ ᠢᠯᠡᠷᠡᠭᠦᠯᠦᠭᠰᠡᠨ ᠠᠵᠢ᠃ ᠤᠷᠴᠢᠯ ᠤᠨ ᠲᠤᠮᠳᠠ ᠤᠤᠭᠠᠯ ᠰᠤᠶᠤᠯ ᠳᠤ ᠮᠡᠳᠡᠭᠳᠡᠮ᠎ᠡ ᠬᠤᠪᠢᠷᠠᠯᠳᠠ ᠭᠠᠷᠳᠠᠭ᠂ ᠬᠤᠪᠢᠷᠠᠰᠢ ᠦᠭᠡᠢ ᠰᠤᠶᠤᠯ ᠬᠡᠵᠦ ᠤᠷᠤᠰᠢᠳᠠᠭ ᠦᠭᠡᠢ ᠶᠢᠨ ᠶᠤᠰᠤᠨ ᠢ ᠴᠤ ᠲᠤᠰᠬᠠᠨ ᠬᠠᠷᠠᠭᠤᠯᠤᠭᠰᠠᠨ ᠪᠠᠢ᠌ᠵᠠᠢ᠃
Original Literature View Original Paper
出自 中国蒙古学 2013年 第5期

联系我们


内蒙古大学图书馆
呼和浩特市大学西路235号
中国·内蒙古
P: (0471) 4992561
E: huangfeilong@imu.edu.cn