Paper Information


Title ᠤᠯᠠᠮᠵᠢᠯᠠᠯᠲᠤ ᠯᠤᠬᠢᠭ ᠤᠨ ᠴᠢᠨᠠᠷ ᠪᠠᠢ᠌ᠷᠢ ᠰᠤᠯᠢᠬᠤ ᠠᠷᠭ᠎ᠠ ᠶᠢᠨ ᠰᠢᠭᠤᠳ ᠵᠦᠢᠴᠢᠯᠡᠯ ᠢ ᠵᠠᠳᠠᠯᠬᠤ ᠨᠢ
Creator ᠮᠡᠷᠬᠡᠨᠪᠠᠲᠤ; ᠺᠠᠢ ᠬᠤᠸᠠ
Keyword ᠤᠯᠠᠮᠵᠢᠯᠠᠯᠲᠤ ᠯᠤᠬᠢᠭ; ᠰᠢᠭᠤᠳ ᠵᠦᠢᠴᠢᠯᠡᠯ ; ᠴᠢᠨᠠᠷ ᠪᠠᠢ᠌ᠷᠢ ᠰᠤᠯᠢᠬᠤ ᠠᠷᠭ᠎ᠠ 
Abstract ᠰᠢᠭᠤᠳ ᠵᠦᠢᠴᠢᠯᠡᠯ ᠪᠤᠯ ᠤᠯᠠᠮᠵᠢᠠᠯᠯᠳᠤ ᠯᠤᠬᠢᠭ ᠤᠨ ᠴᠢᠬᠤᠯᠠ ᠨᠢᠭᠡ ᠠᠭᠤᠯᠭ᠎ᠠ ᠮᠦᠨ ᠃ ᠬᠡᠯᠪᠠᠷᠢ ᠬᠤᠪᠢᠷᠭᠠᠬᠤ ᠠᠷᠭ᠎ᠠ ᠶᠢᠨ ᠰᠢᠭᠤᠳ ᠵᠦᠢᠴᠢᠯᠡᠯ ᠳᠤ ᠴᠢᠨᠠᠷ ᠰᠤᠯᠢᠬᠤ ᠠᠷᠭ᠎ᠠ ᠶᠢᠨ ᠰᠢᠭᠤᠳ ᠵᠦᠢᠴᠢᠯᠡᠯ᠂ ᠪᠠᠢ᠌ᠷᠢ ᠰᠤᠯᠢᠬᠤ ᠠᠷᠭ᠎ᠠ  ᠶᠢᠨ ᠰᠢᠭᠤᠳ ᠵᠦᠢᠴᠢᠯᠡᠯ ᠪᠤᠯᠤᠨ ᠴᠢᠨᠠᠷ ᠪᠠᠢ᠌ᠷᠢ ᠰᠤᠯᠢᠬᠤ ᠠᠷᠭ᠎ᠠ  ᠶᠢᠨ ᠰᠢᠭᠤᠳ ᠵᠦᠢᠴᠢᠯᠡᠯ ᠭᠡᠬᠦ ᠭᠤᠷᠪᠠᠨ ᠲᠦᠷᠦᠯ ᠪᠤᠢ ᠬᠡᠵᠦ ᠤᠯᠠᠩᠬᠢ ᠰᠤᠳᠤᠯᠤᠭᠴᠢᠳ ᠦᠵᠡᠳᠡᠭ᠃ ᠡᠭᠦᠨ ᠳᠤ ᠴᠢᠨᠠᠷ ᠪᠠᠢ᠌ᠷᠢ ᠰᠤᠯᠢᠬᠤ ᠠᠷᠭ᠎ᠠ  ᠶᠢᠨ ᠰᠢᠭᠤᠳ ᠵᠦᠢᠴᠢᠯᠡᠯ ᠨᠢ ᠡᠮᠦᠨᠡᠬᠢ ᠬᠤᠶᠠᠷ ᠲᠦᠷᠦᠯ ᠤᠨ ᠰᠢᠭᠤᠳ ᠵᠦᠢᠴᠢᠯᠡᠯ ᠲᠠᠢ ᠬᠠᠷᠢᠴᠠᠭᠤᠯᠪᠠᠯ ᠬᠠᠷᠢᠴᠠᠩᠭ᠋ᠤᠢ ᠪᠠᠷ ᠪᠤᠳᠤᠯᠢᠶᠠᠨᠲᠠᠢ ᠮᠦᠷᠳᠡᠭᠡᠨ ᠨᠠᠷᠢᠨ ᠰᠢᠨᠵᠢᠯᠡᠪᠡᠯ ᠤᠨᠤᠯ ᠤᠨ ᠬᠤᠪᠢ ᠳᠤ ᠰᠢ᠌ᠳᠪᠦᠷᠢᠯᠡᠬᠦ ᠴᠢᠬᠤᠯᠠ ᠲᠠᠢ ᠬᠤᠶᠠᠷ ᠠᠰᠠᠭᠤᠳᠠᠯ ᠪᠤᠢ᠃ ᠡᠨᠡ ᠬᠦ ᠬᠤᠶᠠᠷ ᠠᠰᠠᠭᠤᠳᠠᠯ ᠢ ᠴᠢᠨᠠᠷ ᠪᠠᠢ᠌ᠷᠢ ᠰᠤᠯᠢᠬᠤ ᠠᠷᠭ᠎ᠠ  ᠶᠢᠨ ᠰᠢᠭᠤᠳ ᠵᠦᠢᠴᠢᠯᠡᠯ ᠤᠨ ᠲᠤᠮᠢᠶᠠᠯᠠᠯ ᠪᠤᠯᠤᠨ ᠲᠦᠷᠢᠮ ᠢ ᠵᠠᠰᠠᠨ ᠦᠬᠡᠷᠡᠴᠢᠯᠡᠬᠦ ᠪᠤᠶᠤ ᠬᠡᠯᠪᠡᠷᠢ ᠬᠤᠪᠢᠷᠭᠠᠬᠤ ᠰᠢᠭᠤᠳ ᠵᠦᠢᠴᠢᠯᠡᠯ ᠤᠨ ᠲᠦᠷᠦᠯ ᠵᠦᠢᠯ ᠢ ᠬᠤᠪᠢᠶᠠᠬᠤ ᠡᠭᠦᠳᠡᠨ ᠡᠴᠡ ᠭᠠᠷᠳᠠᠵᠤ ᠰᠢ᠌ᠳᠪᠦᠷᠢᠯᠡᠪᠡᠯ ᠵᠤᠬᠢᠨ᠎ᠠ ᠭᠡᠵᠦ ᠵᠦᠪᠯᠡᠵᠦ ᠪᠤᠢ ᠃
Original Literature View Original Paper
出自 内蒙古社会科学(蒙文版) 2007年 第5期

联系我们


内蒙古大学图书馆
呼和浩特市大学西路235号
中国·内蒙古
P: (0471) 4992561
E: huangfeilong@imu.edu.cn