Paper Information


Title ᠰᠢᠨ᠎ᠡ ᠡᠷᠢᠨ ᠡᠴᠡ ᠨᠠᠭᠠᠰᠢᠬᠢ ᠲᠤᠮᠳᠠᠳᠤ ᠤᠯᠤᠰ ᠤᠨ ᠤᠷᠴᠢᠨ ᠦᠶ᠎ᠡ ᠶᠢᠨ ᠤᠳᠬ᠎ᠠ ᠵᠤᠬᠢᠶᠠᠯ ᠤᠨ ᠮᠤᠩᠭ᠋ᠤᠯ ᠤᠷᠴᠢᠭᠤᠯᠭ᠎ᠠ ᠶᠢᠨ ᠶᠡᠷᠦᠩᠬᠡᠢ ᠲᠤᠭᠠᠴᠢᠯ (1976-2013)
Creator ᠺᠠᠨ ᠬᠠᠢ ᠶᠢᠩ
Keyword ᠰᠢᠨ᠎ᠡ ᠡᠷᠢᠨ; ᠲᠤᠮᠳᠠᠳᠤ ᠤᠯᠤᠰ ᠤᠨ ᠤᠷᠴᠢᠨ ᠦᠶ᠎ᠡ ᠶᠢᠨ ᠤᠳᠬ᠎ᠠ ᠵᠤᠬᠢᠶᠠᠯ; ᠤᠷᠴᠢᠭᠤᠯᠭ᠎ᠠ ᠶᠢᠨ ᠤᠳᠬ᠎ᠠ ᠵᠤᠬᠢᠶᠠᠯ; ᠶᠡᠷᠦᠩᠬᠡᠢ ᠲᠤᠭᠠᠴᠢᠯ
Abstract ᠲᠤᠮᠳᠠᠳᠤ ᠤᠯᠤᠰ ᠤᠨ ᠤᠷᠴᠢᠨ ᠦᠶ᠎ᠡ ᠶᠢᠨ ᠤᠳᠬ᠎ᠠ ᠵᠤᠬᠢᠶᠠᠯ ᠤᠨ ᠮᠤᠩᠭ᠋ᠤᠯ ᠤᠷᠴᠢᠭᠤᠯᠭ᠎ᠠ ᠨᠢ ᠰᠡᠷᠭᠦᠯᠳᠡ ᠶᠢᠨ ᠱᠠᠳᠤ᠂ ᠦᠷᠨᠢᠯᠳᠡ ᠶᠢᠨ ᠱᠠᠳᠤ ᠶᠢ ᠲᠠᠮᠵᠢᠵᠤ᠂ ᠲᠡᠭᠡᠷ᠎ᠡ ᠵᠠᠭᠤᠨ ᠤ ᠨᠠᠶᠠᠭᠠᠳ ᠤᠨ ᠳᠤ ᠮᠤᠩᠭ᠋ᠤᠯ ᠤᠷᠴᠢᠭᠤᠯᠭ᠎ᠠ ᠶᠢᠨ ᠪᠦᠬᠦ ᠲᠠᠯ᠎ᠠ ᠶᠢᠨ ᠬᠦᠭ᠍ᠵᠢᠯᠳᠡ ᠶᠢ ᠠᠪᠴᠢᠷᠠᠭᠰᠠᠨ ᠶᠢᠡᠨ ᠲᠡᠭᠡᠷ᠎ᠡ ᠵᠠᠭᠤᠨ ᠤ ᠶᠡᠷᠡᠭᠡᠳ ᠤᠨ ᠡᠴᠡ ᠨᠠᠭᠠᠰᠢ ᠪᠠᠭᠤᠷᠠᠯ ᠤᠨ ᠱᠠᠳᠤᠨ ᠳᠤ ᠤᠷᠤᠭᠰᠠᠨ ᠪᠠᠢ᠌ᠨ᠎ᠠ᠃ ᠶᠡᠷᠦᠩᠬᠡᠢ ᠳᠤ ᠨᠢ ᠦᠵᠡᠪᠡᠯ᠂ ᠰᠢᠨ᠎ᠡ ᠡᠷᠢᠨ ᠡᠴᠡ ᠨᠠᠭᠠᠰᠢ ᠯᠦ ᠰᠢᠶᠦ᠋ᠨ᠂ ᠭᠦᠸᠸ ᠮᠦᠸᠸ ᠿᠦᠸᠸ᠂ ᠮᠤᠤ ᠳ᠋ᠦᠨ᠂ ᠪᠠ ᠵᠢᠨ᠂ ᠠᠢ ᠴᠢᠩ᠂ ᠪᠢᠩ ᠰᠢᠨ ᠵᠡᠷᠭᠡ ᠵᠤᠬᠢᠶᠠᠯᠴᠢ ᠶᠢᠨ ᠨᠡᠷᠡᠳᠦ ᠪᠦᠳᠦᠭᠡᠯ ᠢ ᠤᠷᠴᠢᠭᠤᠯᠬᠤ ᠪᠡᠷ ᠭᠤᠤᠯᠯᠠᠵᠤ᠂ ᠰᠡᠲ᠋ᠢᠯᠢ ᠲᠦᠷᠦᠯ ᠤᠨ ᠲᠠᠯ᠎ᠠ ᠪᠡᠷ ᠰᠢᠯᠦᠭ᠂ ᠨᠠᠢ᠌ᠷᠠᠭᠤᠯᠤᠯ᠂ ᠲᠤᠭᠤᠵᠢᠰ᠂ ᠰᠢᠭᠦᠮᠵᠢ᠂ ᠲᠤᠷᠠᠰᠬᠠᠭᠰᠠᠨ ᠰᠢᠯᠦᠭ᠂ ᠦᠯᠢᠭᠡᠷ᠂ ᠵᠠᠬᠢᠳᠠᠯ᠂ ᠮᠡᠳᠡᠭᠡ ᠵᠡᠷᠭᠡ ᠤᠷᠴᠢᠭᠤᠯᠤᠭᠳᠠᠪᠠ᠃ ᠡᠮᠦᠨᠡᠬᠢ ᠦᠶ᠎ᠡ ᠶᠢᠨ ᠬᠢ ᠲᠠᠢ ᠬᠠᠷᠢᠴᠠᠭᠤᠯᠪᠠᠯ ᠲᠤᠭ᠎ᠠ ᠬᠡᠮᠵᠢᠶ᠎ᠡ᠂ ᠴᠢᠨᠠᠷ ᠴᠢᠨᠰᠠᠭ᠎ᠠ᠂ ᠤᠷᠴᠢᠭᠤᠯᠭ᠎ᠠ ᠶᠢᠨ ᠰᠢᠰᠲ᠋ᠸᠮᠳᠤ ᠴᠢᠨᠠᠷ ᠵᠡᠷᠭᠡ ᠲᠠᠯ᠎ᠠ ᠪᠡᠷ ᠰᠡᠷᠭᠦᠯᠳᠡ ᠪᠠᠨ ᠤᠯᠤᠭᠰᠠᠨ ᠪᠤᠯᠪᠠᠴᠤ᠂ ᠲᠡᠮᠡᠢ ᠬᠦᠭ᠍ᠵᠢᠵᠦ ᠠᠮᠵᠢᠭᠰᠠᠨ ᠦᠭᠡᠢ ᠪᠡᠷ ᠲᠠᠬᠢᠨ ᠪᠠᠭᠤᠷᠠᠯ ᠤᠨ ᠱᠠᠳᠤᠨ ᠳᠤ ᠤᠷᠤᠭᠰᠠᠨ ᠪᠠᠢ᠌ᠳᠠᠯ ᠲᠠᠢ᠃
Original Literature View Original Paper
出自 内蒙古大学学报 2015年 第3期

联系我们


内蒙古大学图书馆
呼和浩特市大学西路235号
中国·内蒙古
P: (0471) 4992561
E: huangfeilong@imu.edu.cn