Title |
ᠰᠢᠨ᠎ᠡ ᠡᠷᠢᠨ ᠡᠴᠡ ᠨᠠᠭᠠᠰᠢᠬᠢ ᠲᠤᠮᠳᠠᠳᠤ ᠤᠯᠤᠰ ᠤᠨ ᠤᠷᠴᠢᠨ ᠦᠶ᠎ᠡ ᠶᠢᠨ ᠤᠳᠬ᠎ᠠ ᠵᠤᠬᠢᠶᠠᠯ ᠤᠨ ᠮᠤᠩᠭ᠋ᠤᠯ ᠤᠷᠴᠢᠭᠤᠯᠭ᠎ᠠ ᠶᠢᠨ ᠶᠡᠷᠦᠩᠬᠡᠢ ᠲᠤᠭᠠᠴᠢᠯ (1976-2013) |
Creator |
ᠺᠠᠨ ᠬᠠᠢ ᠶᠢᠩ |
Keyword |
ᠰᠢᠨ᠎ᠡ ᠡᠷᠢᠨ; ᠲᠤᠮᠳᠠᠳᠤ ᠤᠯᠤᠰ ᠤᠨ ᠤᠷᠴᠢᠨ ᠦᠶ᠎ᠡ ᠶᠢᠨ ᠤᠳᠬ᠎ᠠ ᠵᠤᠬᠢᠶᠠᠯ; ᠤᠷᠴᠢᠭᠤᠯᠭ᠎ᠠ ᠶᠢᠨ ᠤᠳᠬ᠎ᠠ ᠵᠤᠬᠢᠶᠠᠯ; ᠶᠡᠷᠦᠩᠬᠡᠢ ᠲᠤᠭᠠᠴᠢᠯ |
Abstract |
ᠲᠤᠮᠳᠠᠳᠤ ᠤᠯᠤᠰ ᠤᠨ ᠤᠷᠴᠢᠨ ᠦᠶ᠎ᠡ ᠶᠢᠨ ᠤᠳᠬ᠎ᠠ ᠵᠤᠬᠢᠶᠠᠯ ᠤᠨ ᠮᠤᠩᠭ᠋ᠤᠯ ᠤᠷᠴᠢᠭᠤᠯᠭ᠎ᠠ ᠨᠢ ᠰᠡᠷᠭᠦᠯᠳᠡ ᠶᠢᠨ ᠱᠠᠳᠤ᠂ ᠦᠷᠨᠢᠯᠳᠡ ᠶᠢᠨ ᠱᠠᠳᠤ ᠶᠢ ᠲᠠᠮᠵᠢᠵᠤ᠂ ᠲᠡᠭᠡᠷ᠎ᠡ ᠵᠠᠭᠤᠨ ᠤ ᠨᠠᠶᠠᠭᠠᠳ ᠤᠨ ᠳᠤ ᠮᠤᠩᠭ᠋ᠤᠯ ᠤᠷᠴᠢᠭᠤᠯᠭ᠎ᠠ ᠶᠢᠨ ᠪᠦᠬᠦ ᠲᠠᠯ᠎ᠠ ᠶᠢᠨ ᠬᠦᠭ᠍ᠵᠢᠯᠳᠡ ᠶᠢ ᠠᠪᠴᠢᠷᠠᠭᠰᠠᠨ ᠶᠢᠡᠨ ᠲᠡᠭᠡᠷ᠎ᠡ ᠵᠠᠭᠤᠨ ᠤ ᠶᠡᠷᠡᠭᠡᠳ ᠤᠨ ᠡᠴᠡ ᠨᠠᠭᠠᠰᠢ ᠪᠠᠭᠤᠷᠠᠯ ᠤᠨ ᠱᠠᠳᠤᠨ ᠳᠤ ᠤᠷᠤᠭᠰᠠᠨ ᠪᠠᠢ᠌ᠨ᠎ᠠ᠃ ᠶᠡᠷᠦᠩᠬᠡᠢ ᠳᠤ ᠨᠢ ᠦᠵᠡᠪᠡᠯ᠂ ᠰᠢᠨ᠎ᠡ ᠡᠷᠢᠨ ᠡᠴᠡ ᠨᠠᠭᠠᠰᠢ ᠯᠦ ᠰᠢᠶᠦ᠋ᠨ᠂ ᠭᠦᠸᠸ ᠮᠦᠸᠸ ᠿᠦᠸᠸ᠂ ᠮᠤᠤ ᠳ᠋ᠦᠨ᠂ ᠪᠠ ᠵᠢᠨ᠂ ᠠᠢ ᠴᠢᠩ᠂ ᠪᠢᠩ ᠰᠢᠨ ᠵᠡᠷᠭᠡ ᠵᠤᠬᠢᠶᠠᠯᠴᠢ ᠶᠢᠨ ᠨᠡᠷᠡᠳᠦ ᠪᠦᠳᠦᠭᠡᠯ ᠢ ᠤᠷᠴᠢᠭᠤᠯᠬᠤ ᠪᠡᠷ ᠭᠤᠤᠯᠯᠠᠵᠤ᠂ ᠰᠡᠲ᠋ᠢᠯᠢ ᠲᠦᠷᠦᠯ ᠤᠨ ᠲᠠᠯ᠎ᠠ ᠪᠡᠷ ᠰᠢᠯᠦᠭ᠂ ᠨᠠᠢ᠌ᠷᠠᠭᠤᠯᠤᠯ᠂ ᠲᠤᠭᠤᠵᠢᠰ᠂ ᠰᠢᠭᠦᠮᠵᠢ᠂ ᠲᠤᠷᠠᠰᠬᠠᠭᠰᠠᠨ ᠰᠢᠯᠦᠭ᠂ ᠦᠯᠢᠭᠡᠷ᠂ ᠵᠠᠬᠢᠳᠠᠯ᠂ ᠮᠡᠳᠡᠭᠡ ᠵᠡᠷᠭᠡ ᠤᠷᠴᠢᠭᠤᠯᠤᠭᠳᠠᠪᠠ᠃ ᠡᠮᠦᠨᠡᠬᠢ ᠦᠶ᠎ᠡ ᠶᠢᠨ ᠬᠢ ᠲᠠᠢ ᠬᠠᠷᠢᠴᠠᠭᠤᠯᠪᠠᠯ ᠲᠤᠭ᠎ᠠ ᠬᠡᠮᠵᠢᠶ᠎ᠡ᠂ ᠴᠢᠨᠠᠷ ᠴᠢᠨᠰᠠᠭ᠎ᠠ᠂ ᠤᠷᠴᠢᠭᠤᠯᠭ᠎ᠠ ᠶᠢᠨ ᠰᠢᠰᠲ᠋ᠸᠮᠳᠤ ᠴᠢᠨᠠᠷ ᠵᠡᠷᠭᠡ ᠲᠠᠯ᠎ᠠ ᠪᠡᠷ ᠰᠡᠷᠭᠦᠯᠳᠡ ᠪᠠᠨ ᠤᠯᠤᠭᠰᠠᠨ ᠪᠤᠯᠪᠠᠴᠤ᠂ ᠲᠡᠮᠡᠢ ᠬᠦᠭ᠍ᠵᠢᠵᠦ ᠠᠮᠵᠢᠭᠰᠠᠨ ᠦᠭᠡᠢ ᠪᠡᠷ ᠲᠠᠬᠢᠨ ᠪᠠᠭᠤᠷᠠᠯ ᠤᠨ ᠱᠠᠳᠤᠨ ᠳᠤ ᠤᠷᠤᠭᠰᠠᠨ ᠪᠠᠢ᠌ᠳᠠᠯ ᠲᠠᠢ᠃ |
Original Literature |
View Original Paper
|
出自 |
内蒙古大学学报
2015年
第3期
|