Paper Information


Title 《ᠢᠲᠡᠮᠡᠭᠡᠢ ᠶᠠᠯ᠎ᠠ》— ᠤᠶᠤᠩ᠋ᠭᠠᠨ ᠰᠢᠲᠦᠯᠭᠡ ᠶᠢᠨ ᠰᠤᠳᠤᠯᠤᠯ (ᠬᠤᠶᠠᠷ)
Creator ᠲᠡᠭᠦᠰᠪᠠᠶᠠᠷ
Keyword
Abstract ᠤᠷᠢᠲᠤ ᠴᠠᠭ ᠲᠤ ᠮᠣᠩ᠋ᠭᠤᠯ ᠳᠤ 《ᠵᠤᠨ ᠭᠤᠤᠯ ᠳᠤ ᠣᠷᠤᠬᠤ ᠦᠭᠡᠢ᠂ ᠬᠤᠴᠠᠰᠤ ᠪᠠᠨ ᠢᠯᠡ ᠤᠭᠢᠶᠠᠬᠤ ᠦᠭᠡᠢ》ᠴᠡᠭᠡᠷ ᠦᠳ ᠪᠠᠢ᠌ᠵᠠᠢ᠃ ᠲᠡᠭᠡᠭᠡᠳ ᠡᠨᠡ ᠨᠢ ᠪᠦᠷ 《ᠠᠶᠤᠩ᠋ᠭ᠎ᠠ ᠠᠴᠠ ᠠᠶᠤᠬᠤ》ᠲᠠᠢ ᠤᠶᠠᠯᠳᠤᠵᠤ ᠢᠷᠡᠵᠡᠢ᠃ ᠤᠰᠤ ᠨᠢ ᠡᠷᠲᠡᠨ ᠦ ᠬᠦᠮᠦᠰ ᠦᠨ ᠨᠢᠳᠦᠨ ᠳᠦ ᠵᠦᠭᠡᠷ ᠯᠡ ᠤᠰᠤ ᠪᠢᠰᠢ᠂ ᠬᠠᠷᠢᠨ 《ᠠᠮᠢᠨ ᠤᠰᠤ》ᠭᠡᠵᠦ ᠳᠡᠭᠡᠳᠦᠯᠡᠭᠳᠡᠳᠡᠭ᠃ ᠡᠢ᠌ᠮᠦ 《ᠠᠮᠢᠨ ᠤᠰᠤ》᠋ ᠶᠢ ᠪᠡᠶ᠎ᠡ ᠤᠭᠢᠶᠠᠬᠤ ᠵᠡᠷᠭᠡ 《ᠬᠡᠷᠡᠭᠴᠡᠭᠡ ᠦᠭᠡᠢ ᠶᠠᠭᠤᠮᠠᠨ》᠋ ᠳᠤ ᠬᠡᠷᠡᠭᠯᠡᠬᠦ ᠨᠢ ᠪᠷᠢᠯᠭᠡᠯ ᠭᠡᠵᠦ ᠦᠵᠡᠵᠦ᠂ ᠲᠡᠢ᠌ᠨᠬᠦ ᠪᠦᠷᠢᠯᠭᠡᠪᠡᠯ ᠲᠡᠭᠷᠢ ᠳᠦ ᠶᠠᠯ᠎ᠠ ᠭᠡᠵᠦ ᠵᠠᠯᠠᠭᠠᠭᠳᠠᠬᠤ ᠪᠤᠯᠤᠨ᠎ᠠ ᠭᠡᠵᠦ ᠦᠵᠡᠳᠡᠭ ᠤᠴᠢᠷ ᠠᠴᠠ ᠳᠡᠭᠡᠷ᠎ᠡ ᠳᠤᠷᠠᠳᠤᠭᠰᠠᠨ 《ᠤᠰᠤᠨ ᠤ ᠴᠡᠭᠡᠷ》ᠡᠭᠦᠰᠴᠡᠢ᠃ ᠣᠯᠪᠢ ᠬᠤᠯᠤᠭᠠᠨ᠎ᠠ ᠶᠢ ᠲᠡᠭᠷᠢ ᠨᠢᠷᠭᠡᠭ᠍ᠰᠡᠨ ᠳᠤᠮᠤᠭ ᠨᠢ ᠶᠠᠭ ᠡᠭᠦᠨ ᠢ ᠬᠠᠷᠠᠭᠤᠯᠵᠤ ᠪᠠᠢ᠌ᠨ᠎ᠠ᠃ 《ᠣᠯᠪᠢ》ᠪᠤᠯ ᠬᠤᠯᠤᠭᠠᠨ᠎ᠠ ᠶᠢᠨ ᠨᠡᠷ᠎ᠡ ᠮᠦᠷᠲᠡᠭᠡᠨ ᠦᠭᠡᠷ᠎ᠡ ᠨᠢᠭᠡ ᠤᠳᠬ᠎ᠠ ᠨᠢ 《ᠬᠤᠪᠳᠤᠭ᠂ ᠢᠲᠡᠮᠡᠭᠡᠢ》ᠪᠤᠯᠤᠨ᠎ᠠ᠃ ᠬᠡᠲᠦᠷᠬᠡᠢ ᠢᠳᠡᠬᠦ ᠨᠢ ᠮᠦᠨ ᠪᠦᠷᠯᠭᠡᠯ ᠶᠤᠮ᠃ ᠵᠠᠷᠢᠮ ᠨᠤᠲᠤᠭ ᠲᠤ ᠠᠭᠠᠯᠵᠢ ᠶᠢ ᠲᠡᠭᠷᠢ ᠨᠢᠷᠭᠡᠳᠡᠭ ᠭᠡᠵᠦ ᠳᠤᠮᠤᠭᠯᠠᠳᠠᠭ᠃ ᠠᠭᠠᠯᠵᠢ ᠨᠢ ᠰᠢᠯᠦᠰ ᠲᠡᠢ ᠪᠦᠳᠦᠭᠦᠨ ᠭᠡᠳᠡᠰᠦ ᠲᠡᠢ ᠤᠴᠢᠷ ᠠᠴᠠ ᠪᠠᠰᠠ ᠣᠯᠪᠢ ᠲᠠᠢ ᠠᠳᠠᠯᠢ 《ᠬᠤᠪᠳᠤᠭ᠂ ᠢᠲᠡᠮᠡᠭᠡᠢ》ᠤᠳᠬ᠎ᠠ ᠲᠠᠢ ᠪᠤᠯᠳᠠᠭ᠃ ᠬᠤᠪᠳᠤᠭ᠂ ᠢᠲᠡᠮᠡᠭᠡᠢ ᠪᠤᠯ ᠬᠦᠮᠦᠨ ᠦ ᠬᠦᠰᠡᠯ ᠰᠢᠨᠦᠯ ᠶᠤᠮ᠃ ᠬᠦᠮᠦᠨ ᠦ ᠬᠦᠰᠡᠯ ᠰᠢᠨᠦᠯ ᠢ ᠨᠢᠭᠡ ᠬᠡᠮᠵᠢᠶ᠎ᠡ ᠪᠡᠷ ᠬᠢᠵᠠᠭᠠᠷᠯᠠᠮᠠᠨᠵᠢᠨ ᠰᠠᠶ‍ᠢ ᠨᠡᠢ᠌ᠭᠡᠮ ᠬᠠᠮᠳᠤᠯᠢᠭ ᠪᠦᠷᠢᠯᠳᠦᠵᠦ ᠴᠢᠳᠠᠨ᠎ᠠ᠃ ᠬᠢᠵᠠᠭᠠᠷᠯᠠᠬᠤ ᠦᠢᠯᠡᠳᠦᠯ ᠢ ᠭᠦᠢᠴᠡᠳᠭᠡᠳᠡᠭ ᠴᠡᠭᠡᠷ ᠪᠤᠯ ᠪᠤᠯᠪᠠᠰᠤᠨ ᠨᠡᠢ᠌ᠭᠡᠮ ᠳᠦ ᠣᠷᠤᠬᠤ ᠳᠤᠲᠠᠭᠳᠠᠰᠢ ᠦᠭᠡᠢ ᠨᠦᠬᠦᠴᠡᠯ ᠪᠤᠯᠳᠠᠭ᠃ ᠶᠠᠭᠤᠨ ᠳᠤ ᠴᠡᠭᠡᠷ ᠡᠭᠦᠰᠦᠭᠰᠡᠨ ᠪᠤᠢ ᠭᠡᠳᠡᠭ ᠠᠰᠠᠭᠤᠳᠠᠯ ᠢ ᠡᠭᠦᠪᠡᠷ ᠬᠠᠷᠢᠭᠤᠯᠵᠤ ᠪᠤᠯᠬᠤ ᠮᠡᠲᠦ᠃
Original Literature No Original Paper
出自 内蒙古大学学报 1999年 第2期

联系我们


内蒙古大学图书馆
呼和浩特市大学西路235号
中国·内蒙古
P: (0471) 4992561
E: huangfeilong@imu.edu.cn