Abstract |
ᠤᠷᠢᠲᠤ ᠴᠠᠭ ᠲᠤ ᠮᠣᠩ᠋ᠭᠤᠯ ᠳᠤ 《ᠵᠤᠨ ᠭᠤᠤᠯ ᠳᠤ ᠣᠷᠤᠬᠤ ᠦᠭᠡᠢ᠂ ᠬᠤᠴᠠᠰᠤ ᠪᠠᠨ ᠢᠯᠡ ᠤᠭᠢᠶᠠᠬᠤ ᠦᠭᠡᠢ》ᠴᠡᠭᠡᠷ ᠦᠳ ᠪᠠᠢ᠌ᠵᠠᠢ᠃ ᠲᠡᠭᠡᠭᠡᠳ ᠡᠨᠡ ᠨᠢ ᠪᠦᠷ 《ᠠᠶᠤᠩ᠋ᠭ᠎ᠠ ᠠᠴᠠ ᠠᠶᠤᠬᠤ》ᠲᠠᠢ ᠤᠶᠠᠯᠳᠤᠵᠤ ᠢᠷᠡᠵᠡᠢ᠃ ᠤᠰᠤ ᠨᠢ ᠡᠷᠲᠡᠨ ᠦ ᠬᠦᠮᠦᠰ ᠦᠨ ᠨᠢᠳᠦᠨ ᠳᠦ ᠵᠦᠭᠡᠷ ᠯᠡ ᠤᠰᠤ ᠪᠢᠰᠢ᠂ ᠬᠠᠷᠢᠨ 《ᠠᠮᠢᠨ ᠤᠰᠤ》ᠭᠡᠵᠦ ᠳᠡᠭᠡᠳᠦᠯᠡᠭᠳᠡᠳᠡᠭ᠃ ᠡᠢ᠌ᠮᠦ 《ᠠᠮᠢᠨ ᠤᠰᠤ》᠋ ᠶᠢ ᠪᠡᠶ᠎ᠡ ᠤᠭᠢᠶᠠᠬᠤ ᠵᠡᠷᠭᠡ 《ᠬᠡᠷᠡᠭᠴᠡᠭᠡ ᠦᠭᠡᠢ ᠶᠠᠭᠤᠮᠠᠨ》᠋ ᠳᠤ ᠬᠡᠷᠡᠭᠯᠡᠬᠦ ᠨᠢ ᠪᠷᠢᠯᠭᠡᠯ ᠭᠡᠵᠦ ᠦᠵᠡᠵᠦ᠂ ᠲᠡᠢ᠌ᠨᠬᠦ ᠪᠦᠷᠢᠯᠭᠡᠪᠡᠯ ᠲᠡᠭᠷᠢ ᠳᠦ ᠶᠠᠯ᠎ᠠ ᠭᠡᠵᠦ ᠵᠠᠯᠠᠭᠠᠭᠳᠠᠬᠤ ᠪᠤᠯᠤᠨ᠎ᠠ ᠭᠡᠵᠦ ᠦᠵᠡᠳᠡᠭ ᠤᠴᠢᠷ ᠠᠴᠠ ᠳᠡᠭᠡᠷ᠎ᠡ ᠳᠤᠷᠠᠳᠤᠭᠰᠠᠨ 《ᠤᠰᠤᠨ ᠤ ᠴᠡᠭᠡᠷ》ᠡᠭᠦᠰᠴᠡᠢ᠃ ᠣᠯᠪᠢ ᠬᠤᠯᠤᠭᠠᠨ᠎ᠠ ᠶᠢ ᠲᠡᠭᠷᠢ ᠨᠢᠷᠭᠡᠭ᠍ᠰᠡᠨ ᠳᠤᠮᠤᠭ ᠨᠢ ᠶᠠᠭ ᠡᠭᠦᠨ ᠢ ᠬᠠᠷᠠᠭᠤᠯᠵᠤ ᠪᠠᠢ᠌ᠨ᠎ᠠ᠃ 《ᠣᠯᠪᠢ》ᠪᠤᠯ ᠬᠤᠯᠤᠭᠠᠨ᠎ᠠ ᠶᠢᠨ ᠨᠡᠷ᠎ᠡ ᠮᠦᠷᠲᠡᠭᠡᠨ ᠦᠭᠡᠷ᠎ᠡ ᠨᠢᠭᠡ ᠤᠳᠬ᠎ᠠ ᠨᠢ 《ᠬᠤᠪᠳᠤᠭ᠂ ᠢᠲᠡᠮᠡᠭᠡᠢ》ᠪᠤᠯᠤᠨ᠎ᠠ᠃ ᠬᠡᠲᠦᠷᠬᠡᠢ ᠢᠳᠡᠬᠦ ᠨᠢ ᠮᠦᠨ ᠪᠦᠷᠯᠭᠡᠯ ᠶᠤᠮ᠃ ᠵᠠᠷᠢᠮ ᠨᠤᠲᠤᠭ ᠲᠤ ᠠᠭᠠᠯᠵᠢ ᠶᠢ ᠲᠡᠭᠷᠢ ᠨᠢᠷᠭᠡᠳᠡᠭ ᠭᠡᠵᠦ ᠳᠤᠮᠤᠭᠯᠠᠳᠠᠭ᠃ ᠠᠭᠠᠯᠵᠢ ᠨᠢ ᠰᠢᠯᠦᠰ ᠲᠡᠢ ᠪᠦᠳᠦᠭᠦᠨ ᠭᠡᠳᠡᠰᠦ ᠲᠡᠢ ᠤᠴᠢᠷ ᠠᠴᠠ ᠪᠠᠰᠠ ᠣᠯᠪᠢ ᠲᠠᠢ ᠠᠳᠠᠯᠢ 《ᠬᠤᠪᠳᠤᠭ᠂ ᠢᠲᠡᠮᠡᠭᠡᠢ》ᠤᠳᠬ᠎ᠠ ᠲᠠᠢ ᠪᠤᠯᠳᠠᠭ᠃ ᠬᠤᠪᠳᠤᠭ᠂ ᠢᠲᠡᠮᠡᠭᠡᠢ ᠪᠤᠯ ᠬᠦᠮᠦᠨ ᠦ ᠬᠦᠰᠡᠯ ᠰᠢᠨᠦᠯ ᠶᠤᠮ᠃ ᠬᠦᠮᠦᠨ ᠦ ᠬᠦᠰᠡᠯ ᠰᠢᠨᠦᠯ ᠢ ᠨᠢᠭᠡ ᠬᠡᠮᠵᠢᠶ᠎ᠡ ᠪᠡᠷ ᠬᠢᠵᠠᠭᠠᠷᠯᠠᠮᠠᠨᠵᠢᠨ ᠰᠠᠶᠢ ᠨᠡᠢ᠌ᠭᠡᠮ ᠬᠠᠮᠳᠤᠯᠢᠭ ᠪᠦᠷᠢᠯᠳᠦᠵᠦ ᠴᠢᠳᠠᠨ᠎ᠠ᠃ ᠬᠢᠵᠠᠭᠠᠷᠯᠠᠬᠤ ᠦᠢᠯᠡᠳᠦᠯ ᠢ ᠭᠦᠢᠴᠡᠳᠭᠡᠳᠡᠭ ᠴᠡᠭᠡᠷ ᠪᠤᠯ ᠪᠤᠯᠪᠠᠰᠤᠨ ᠨᠡᠢ᠌ᠭᠡᠮ ᠳᠦ ᠣᠷᠤᠬᠤ ᠳᠤᠲᠠᠭᠳᠠᠰᠢ ᠦᠭᠡᠢ ᠨᠦᠬᠦᠴᠡᠯ ᠪᠤᠯᠳᠠᠭ᠃ ᠶᠠᠭᠤᠨ ᠳᠤ ᠴᠡᠭᠡᠷ ᠡᠭᠦᠰᠦᠭᠰᠡᠨ ᠪᠤᠢ ᠭᠡᠳᠡᠭ ᠠᠰᠠᠭᠤᠳᠠᠯ ᠢ ᠡᠭᠦᠪᠡᠷ ᠬᠠᠷᠢᠭᠤᠯᠵᠤ ᠪᠤᠯᠬᠤ ᠮᠡᠲᠦ᠃ |