Paper Information


Title ᠶᠠᠫᠤᠨ ᠡᠴᠡ ᠮᠠᠨᠵᠦ ᠤᠯᠤᠰ ᠤᠨ ᠬᠢᠩᠭ᠋ᠠᠨ ᠮᠣᠵᠢ ᠳᠤ ᠠᠷᠠᠳ ᠨᠡᠭᠦᠯᠭᠡᠭᠰᠡᠨ ᠲᠦᠷᠦ ᠶᠢᠨ ᠪᠣᠳᠤᠯᠭ᠋ ᠠ ᠶᠢᠨ ᠲᠣᠬᠠᠢ ᠦᠭᠦᠯᠡᠬᠦ ᠨᠢ
Creator ᠴᠢ‍᠂ ᠪᠠᠢ ᠱᠦᠨ
Keyword ᠶᠠᠫᠤᠨ; ᠮᠠᠨᠵᠤ ᠤᠯᠤᠰ; ᠬᠢᠩᠭ᠋ᠠᠨ ᠮᠣᠵᠢ; ᠠᠷᠠᠳ ᠨᠡᠭᠦᠯᠭᠡᠭ᠍ᠰᠡᠨ ᠲᠦᠷᠦ ᠶᠢᠨ ᠪᠣᠳᠤᠯᠭ᠋ ᠠ
Abstract ᠶᠠᠫᠤᠨ ᠡᠴᠡ ᠮᠠᠨᠵᠤ ᠤᠯᠤᠰ ᠤᠨ ᠬᠢᠩᠭ᠋ᠠᠨ ᠮᠣᠵᠢ  ᠳᠤ ᠶᠡᠬᠡ ᠬᠡᠮᠵᠢᠶ ᠡ ᠪᠡᠷ ᠠᠷᠠᠳ ᠨᠡᠭᠦᠯᠭᠡᠭ᠍ᠰᠡᠨ ᠨᠢ ᠢᠯᠡ ᠲᠣᠳᠤ ᠵᠣᠷᠢᠯᠭ᠋ ᠠ ᠲᠠᠢ ᠂ ᠨᠠᠷᠢᠨ ᠨᠢᠭᠲᠠ ᠲᠦᠯᠦᠪᠯᠡᠭᠡ ᠲᠠᠢ ᠲᠦᠷᠢᠮᠷᠬᠡᠢ ᠦᠢᠯᠡ ᠠᠵᠢᠯᠯᠭ᠋ ᠠ ᠪᠣᠯᠬᠤ ᠶᠣᠮ᠃ ᠲᠠᠷᠦᠢ ᠶᠠᠫᠤᠨ ᠤ ᠤᠷᠲᠤ ᠬᠤᠭᠤᠴᠠᠭ᠋ ᠠ ᠲᠣᠷᠰᠢ ᠭᠡᠷᠡᠭᠵᠢᠭᠦᠯᠦᠭᠰᠡᠭᠡᠷ ᠢᠷᠡᠭᠰᠡᠨ 《ᠮᠠᠨᠵᠣ ᠮᠣᠩᠭ᠋ᠤᠯ ᠤᠨ ᠲᠦᠷᠦ ᠶᠢᠨ ᠪᠣᠳᠤᠯᠭ᠋ ᠠ》 ᠪᠡᠷ ᠭᠤᠤᠯ ᠪᠣᠯᠭᠠᠭᠰᠠᠨ 《ᠡᠬᠡ ᠬᠠᠭᠤᠷᠠᠢ  ᠶᠢᠨ ᠲᠦᠷᠦ ᠶᠢᠨ ᠪᠣᠳᠤᠯᠭ᠋ ᠠ》 ᠶᠢᠨ ᠬᠢᠨᠢ ᠴᠢᠬᠤᠯᠠ ᠠᠭᠤᠯᠭ᠋ ᠠ ᠨᠢ ᠪᠣᠯᠬᠤ ᠶᠣᠮ᠃ ᠮᠦᠨ ᠴᠦ ᠶᠠᠫᠤᠨ ᠡᠴᠡ ᠦᠪᠦᠷ ᠮᠣᠩᠭ᠋ᠤᠯ ᠤᠨ ᠵᠡᠭᠦᠨ ᠭᠡᠰᠡᠭ ᠭᠠᠵᠠᠷ ᠣᠷᠤᠨ ᠢ ᠲᠦᠷᠢᠮᠡᠬᠡᠢᠢᠯᠡᠡ ᠨᠣᠶᠠᠷᠬᠠᠭᠰᠠᠨ ᠺᠣᠯᠣᠨᠢᠴᠢᠯᠠᠯ  ᠤᠨ ᠲᠦᠷᠦ  ᠶᠢᠨ ᠪᠣᠳᠤᠯᠭ᠋ ᠠ  ᠶᠢᠨ ᠬᠠᠮᠤᠭ  ᠤᠨ ᠦᠪᠡᠷᠮᠢᠴᠡ ᠣᠨᠴᠠᠯᠢᠭ ᠲᠠᠢ ᠢᠯᠡᠷᠡᠯ ᠤᠨ ᠨᠢᠭᠡ ᠨᠢ ᠪᠣᠯᠬᠤ ᠶᠣᠮ᠃ ᠡᠭᠦᠨ  ᠳᠤ ᠤᠯᠤᠰ ᠲᠦᠷᠦ᠂ ᠠᠵᠦ ᠠᠤᠢ᠂ ᠴᠡᠷᠢᠭ ᠲᠠᠢᠢᠨ ᠵᠡᠷᠭᠡ ᠣᠯᠠᠨ ᠲᠠᠯ ᠠ  ᠶᠢᠨ ᠲᠦᠷᠢᠮᠡᠬᠡᠢ ᠵᠣᠷᠢᠯᠭ᠋ ᠠ ᠲᠠᠢ ᠪᠠᠢᠢᠵᠤ᠂ ᠶᠠᠫᠤᠨ ᠤ ᠴᠡᠷᠢᠭ ᠵᠠᠰᠠᠭ ᠵᠡᠷᠭᠡ ᠠᠯᠠᠨ ᠲᠦᠷᠢᠮᠷᠬᠷᠢ ᠭᠦᠴᠦᠨ ᠤ ᠤᠶᠠᠯᠳᠤᠯᠭ᠋ ᠠ ᠲᠤᠤᠷ ᠠ ᠲᠦᠯᠦᠪᠯᠡᠭᠡ ᠲᠠᠢ ᠂ ᠠᠯᠬᠤᠮ ᠲᠠᠷᠠᠭ᠋ ᠠ ᠲᠠᠢ ᠶᠠᠪᠤᠭᠳᠠᠵᠤ᠂ ᠦᠪᠦᠷ ᠮᠣᠩᠭ᠋ᠤᠯ ᠤᠨ ᠵᠡᠭᠦᠨ ᠬᠡᠡᠰᠡᠭ ᠣᠷᠤᠨ  ᠳᠤ ᠬᠦᠨᠳᠦ ᠨᠤᠴᠢᠲᠠᠢ ᠭᠠᠢ ᠭᠠᠮᠰᠢᠭ ᠢ ᠪᠣᠢ ᠪᠣᠯᠭᠠᠵᠠᠢ᠃
Original Literature View Original Paper
出自 内蒙古大学学报 2010年 第6期

联系我们


内蒙古大学图书馆
呼和浩特市大学西路235号
中国·内蒙古
P: (0471) 4992561
E: huangfeilong@imu.edu.cn