Paper Information


Title ᠮᠣᠩᠭᠤᠯ ᠲᠤᠮᠤᠭ ᠶᠠᠷᠢᠶ ᠠ ᠶᠢᠨ ᠰᠣᠳᠣᠯᠣᠯ ᠤᠨ ᠰᠢᠨ᠎ᠠ ᠠᠬᠢᠴᠠ
Creator ᠰᠡᠴᠡᠨᠲᠤᠶᠠᠭ᠎ᠠ
Keyword ᠮᠣᠩᠭᠤᠯ ᠲᠤᠮᠤᠭ ᠶᠠᠷᠢᠶ ᠠ; ᠰᠣᠳᠣᠯᠣᠯ ᠤᠨ ᠠᠬᠢᠴᠠ; ᠠᠷᠭ᠎ᠠ ᠶᠢᠨ ᠰᠢᠨᠡᠴᠢᠯᠠᠯ
Abstract ᠬᠦᠷᠡᠯᠱᠠ ᠶᠢᠨ《ᠮᠣᠨᠭᠤᠯ ᠲᠤᠮᠤᠭ ᠤᠨ ᠰᠣᠳᠣᠯᠣᠯ》 ᠪᠠ ᠪᠣᠷᠵᠢᠬᠢᠨ ᠪᠣᠶᠠᠨᠳᠡᠯᠭᠡᠷ ᠤᠨ《ᠮᠣᠨᠭᠤᠯ ᠲᠤᠮᠤᠭ ᠶᠠᠷᠢᠶ ᠠ ᠶᠢᠨ ᠰᠣᠳᠤᠯᠤᠯ》ᠬᠣᠶᠠᠷ ᠨᠣᠮ ᠳᠤ ᠤᠭᠰᠠᠭ᠎ᠠ ᠭᠠᠷᠤᠯ ᠤᠨ ᠲᠤᠮᠤᠭ ᠶᠠᠷᠢᠶ ᠠ᠂ ᠲᠡᠦᠬᠡᠨ ᠲᠤᠮᠤᠭ ᠶᠠᠷᠢᠶ ᠠ᠂ ᠭᠠᠵᠠᠷ ᠤᠨ ᠨᠡᠷ ᠡ ᠶᠢᠨ ᠲᠣᠮᠣᠭ ᠶᠠᠷᠢᠶ ᠠ ᠶᠢᠨ ᠲᠣᠮᠣᠭ ᠵᠦᠢ ᠶᠢᠨ ᠦᠨᠳᠦᠰᠦ᠂ ᠨᠡᠢᠭᠡᠮ ᠠᠵᠤ ᠠᠬᠤᠢ ᠶᠢᠨ ᠦᠨᠳᠦᠰᠦ᠂ ᠲᠡᠦᠬᠡᠨ ᠦᠨᠳᠦᠰᠦ᠂ ᠲᠤᠲ᠋ᠸᠮ ᠰᠢᠳᠦᠯᠭᠡ ᠶᠢᠨ ᠦᠨᠳᠦᠰᠦ ᠵᠢ ᠰᠢᠨᠵᠢᠯᠡᠨ ᠬᠤᠷᠢᠶᠠᠩᠭᠤᠢᠯᠠᠵᠤ᠂ ᠲᠤᠮᠤᠭ ᠶᠠᠷᠢᠶ ᠠ ᠶᠢᠨ ᠰᠣᠳᠣᠯᠣᠯ ᠢ ᠰᠢᠨ᠎ᠠ ᠱᠠᠲᠤᠨ ᠳ᠋ᠤ ᠠᠬᠢᠭᠤᠯᠤᠭᠰᠠᠨ ᠨᠢ ᠰᠣᠳᠤᠯᠬᠤ ᠠᠷᠭ᠎ᠠ ᠶᠢᠨ ᠰᠢᠨᠡᠴᠢᠯᠠᠯ ᠳ᠋ᠤ ᠪᠠᠢᠨ᠎ᠠ᠃ ᠣᠷᠴᠢᠨ ᠦᠶ ᠠ ᠶᠢᠨ ᠬᠦᠮᠦᠨ ᠨᠡᠢᠭᠡᠮ ᠤᠨ ᠰᠢᠨᠵᠢᠯᠡᠬᠦ ᠤᠬᠠᠭᠠᠨ ᠤ ᠰᠣᠳᠤᠯᠭᠠᠨ ᠣᠨᠴᠠᠭᠠᠢᠯᠠᠨ ᠤᠷᠠᠨ ᠵᠣᠬᠢᠶᠠᠯ ᠤᠨ ᠰᠣᠳᠤᠯᠭᠠᠨ ᠤ ᠶᠡᠷᠦᠩᠬᠡᠢᠢᠯᠡᠭᠰᠡᠨ ᠰᠢᠨᠵᠢ ᠪᠦᠬᠦᠢ ᠬᠦᠭᠵᠢᠯ ᠤᠨ ᠬᠠᠨᠳᠤᠰᠢ ᠳ᠋ᠤ ᠵᠣᠬᠢᠴᠠᠭᠤᠯᠤᠨ ᠰᠣᠶᠣᠯ ᠰᠤᠨᠳᠠᠯᠠᠭᠰᠠᠨ ᠶᠡᠷᠦᠩᠬᠡᠢᠢᠯᠡᠭᠰᠡᠨ ᠰᠣᠳᠤᠯᠭᠠᠨ ᠤ ᠠᠷᠭ᠎ᠠ ᠵᠢ ᠬᠡᠷᠡᠭᠡᠯᠭᠰᠡᠨ ᠨᠢ ᠮᠣᠩᠭᠤᠯ ᠲᠤᠮᠤᠭ ᠶᠠᠷᠢᠶ ᠠ ᠶᠢᠨ ᠰᠣᠳᠣᠯᠣᠯ ᠳ᠋ᠤ ᠰᠢᠨ᠎ᠠ ᠵᠦᠢᠯᠡᠰ ᠢ ᠨᠡᠮᠡᠷᠢᠯᠠᠵᠤ᠂ ᠲᠤᠮᠤᠭ ᠶᠠᠷᠢᠶ ᠠ ᠶᠢᠨ ᠭᠤᠤ ᠠ ᠰᠠᠢᠬᠠᠨ ᠤ ᠦᠷᠲᠡᠭ ᠢ ᠡᠷᠢᠭᠰᠡᠨ ᠨᠢ ᠲᠤᠩ ᠠᠴᠢ ᠬᠤᠯᠪᠤᠭᠳᠠᠯ ᠲᠠᠢ ᠶᠣᠮ᠃
Original Literature No Original Paper
出自 内蒙古民族大学学报(社会科学) 2001年 第2期

联系我们


内蒙古大学图书馆
呼和浩特市大学西路235号
中国·内蒙古
P: (0471) 4992561
E: huangfeilong@imu.edu.cn