Abstract |
ᠲᠤᠰ ᠦᠭᠦᠯᠡᠯ ᠳᠤ ᠰᠤᠷᠪᠤᠯᠵᠢ ᠪᠢᠴᠢᠭ᠌ ᠤᠨ ᠲᠡᠮᠳᠡᠭᠯᠡᠯ ᠪᠠ ᠪᠠᠷᠢᠮᠳᠠ ᠮᠠᠲ᠋ᠸᠷᠢᠶᠠᠯ ᠳᠤ ᠰᠠᠭᠤᠷᠢᠯᠠᠵᠤ᠂ 《ᠵᠠᠯᠭᠠᠮᠠᠯ ᠤᠷᠤᠭ》 ᠤᠨ ᠮᠤᠩᠭ᠋ᠤᠯ ᠬᠠᠭᠠᠨᠳᠤ ᠤᠯᠤᠰ ᠪᠠ ᠶᠤᠸᠠᠨ ᠭᠦᠷᠦᠨ ᠤ ᠦᠶ᠎ᠡ ᠶᠢᠨ ᠮᠤᠩᠭ᠋ᠤᠯ ᠲᠠᠭᠤᠳᠠᠯᠭ᠎ᠠ ᠶᠢ ᠨᠢᠭ᠌ᠳᠠᠯᠠᠨ ᠰᠢᠨᠵᠢᠭᠡᠳ᠂ 《ᠵᠠᠯᠭᠠᠮᠠᠯ ᠤᠷᠤᠭ》 (收继婚)ᠬᠡᠮᠡᠬᠦ ᠨᠡᠷ᠎ᠡ ᠲᠤᠮᠢᠶ᠎ᠠ ᠪᠤᠯ ᠮᠸᠬᠠᠨᠢᠭ ᠤᠷᠴᠢᠭᠤᠯᠭ᠎ᠠ ᠡᠴᠡ ᠢᠷᠡᠯᠳᠡ ᠲᠠᠢ ᠪᠤᠯᠬᠤ ᠶᠢ ᠲᠤᠳᠤᠷᠬᠠᠢ᠌ᠯᠠᠵᠤ᠂ ᠨᠡᠭᠦᠳᠡᠯ ᠰᠤᠶᠤᠯ ᠤᠨ ᠬᠠᠤᠯᠢ ᠵᠦᠢ ᠪᠠ ᠶᠤᠰᠤ ᠵᠦᠢ ᠶᠢᠨ ᠤᠳᠬ᠎ᠠ ᠰᠠᠨᠠᠭ᠎ᠠ ᠶᠢ ᠪᠦᠷᠢᠨ ᠠᠭᠤᠯᠤᠭᠰᠠᠨ 《ᠬᠤᠷᠢᠶᠠᠬᠤ》 《ᠠᠰᠠᠷᠠᠬᠤ》 《ᠶᠤᠰᠤᠨ》 ᠬᠡᠮᠡᠬᠦ ᠭᠤᠷᠪᠠᠨ ᠲᠡᠦᠬᠡᠨ ᠲᠠᠭᠤᠳᠠᠯᠭ᠎ᠠ ᠶᠢ ᠬᠤᠯᠪᠤᠵᠤ 《ᠬᠤᠷᠢᠶᠠᠨ ᠠᠰᠠᠷᠠᠬᠤ ᠶᠤᠰᠤᠨ》 ᠭᠡᠵᠦ ᠰᠡᠷᠭᠦᠭᠡᠬᠦ ᠨᠢ ᠠᠽᠢᠶ᠎ᠠ ᠶᠢᠨ ᠨᠡᠭᠦᠳᠡᠯ ᠨᠡᠢ᠌ᠭᠡᠮ ᠤᠨ ᠲᠡᠦᠬᠡ ᠪᠠ ᠦᠪᠡᠷᠮᠢᠴᠡ ᠤᠨᠴᠠᠯᠢᠭ ᠲᠤ ᠵᠢᠩᠭᠢᠨᠢ ᠵᠤᠬᠢᠴᠠᠬᠤ ᠪᠦᠭᠡᠳ 《ᠵᠠᠯᠭᠠᠮᠠᠯ ᠤᠷᠤᠭ》 ᠬᠡᠮᠡᠬᠦ ᠢᠪᠴᠤᠤ ᠤᠢ᠌ᠯᠠᠭᠠᠯᠳᠠ ᠡᠴᠡ ᠴᠢᠯᠦᠭᠡᠯᠡᠵᠦ ᠴᠢᠳᠠᠨ᠎ᠠ ᠭᠡᠵᠦ ᠲᠤᠷᠠᠳᠪᠠ᠃ |