Paper Information


Title ᠴᠢᠩ ᠤᠯᠤᠰ ᠤᠨᠨ ᠦᠶ ᠡ ᠶᠢᠨ ᠬᠠᠷᠠᠴᠢᠨ ᠭᠤᠷᠪᠠᠨ ᠬᠤᠰᠢᠭᠤᠨ ᠦ ᠠᠯᠪᠠᠲᠤ ᠡᠷ ᠡ ᠶᠢᠨ ᠲᠤᠭᠠᠨ ᠦ ᠬᠤᠷᠤᠭᠳᠠᠯ ᠤᠨ ᠲᠤᠬᠠᠢ
Creator ᠪᠠᠢ ᠢᠦᠢ ᠱᠤᠸᠠᠩ
Keyword ᠴᠢᠩ ᠤᠯᠤᠰ ᠤᠨᠨ ᠦᠶ ᠡ; ᠬᠠᠷᠠᠴᠢᠨ ᠭᠤᠷᠪᠠᠨ ᠬᠤᠰᠢᠭᠤ; ᠠᠯᠪᠠᠲᠤ ᠡᠷ ᠡ 
Abstract ᠴᠢᠩ ᠤᠯᠤᠰ ᠤᠨ ᠦᠶ ᠡ ᠳᠤ ᠮᠣᠩᠭᠣᠯ ᠭᠠᠵᠠᠷ ᠲᠤ ᠭᠡᠷᠡᠭᠵᠢᠭᠦᠯᠦᠭᠰᠡᠨ ᠬᠤᠰᠢᠭᠤ ᠰᠤᠮᠤᠨ ᠦ ᠪᠠᠢ᠌ᠭᠤᠯᠤᠯ ᠨᠢ ᠡᠯ ᠠ ᠬᠤᠰᠢᠭᠤᠨ ᠦ ᠨᠠᠰᠤᠨ ᠳᠤ ᠬᠦᠷᠦᠭᠰᠡᠨ ᠠᠯᠪᠠᠲᠤ ᠡᠷ ᠡ ᠶᠢᠨ ᠲᠤᠭ᠎ᠠ ᠪᠠᠷ ᠦᠨᠳᠦᠰᠦᠯᠡᠯ ᠪᠤᠯᠭᠠᠳᠠᠭ᠃ ᠬᠡᠪᠡᠴᠤ ᠴᠢᠩ ᠤᠯᠤᠰ ᠤᠨ ᠳᠡᠭᠷᠢ ᠳᠡᠳᠬᠦᠭ᠍ᠴᠢ ᠬᠠᠭᠠᠨ ᠦ ᠰᠡᠭᠦᠯᠴᠢ ᠶᠢᠨ ᠤᠨ ᠤᠳ ᠡᠴᠡ ᠡᠬᠢᠯᠠᠨ᠂ ᠵᠤᠰᠤᠲᠤ ᠶᠢᠨ ᠴᠢᠭᠤᠯᠭᠠᠨ ᠦ ᠬᠠᠷᠠᠴᠢᠨ ᠭᠤᠷᠪᠠᠨ ᠬᠤᠰᠢᠭᠤᠨ〈ᠵᠡᠭᠦᠨ᠂ ᠪᠠᠷᠠᠭᠤᠨ᠂ ᠳᠤᠮᠳᠠᠳᠤ〉ᠳ᠋ᠤ ᠠᠯᠪᠠᠲᠤ ᠡᠷ ᠡ ᠶᠢᠨ ᠲᠤᠭ᠎ᠠ ᠬᠤᠷᠤᠭᠳᠠᠵᠤ᠂ ᠴᠢᠩ ᠤᠯᠤᠰ ᠤᠨ ᠰᠡᠭᠦᠯᠴᠢ ᠦᠶ ᠡ ᠪᠤᠯᠬᠤ ᠳᠤ ᠨᠡᠩ ᠬᠡᠴᠡᠭᠦᠳᠡᠵᠡᠢ᠃ ᠡᠨᠡ ᠨᠢ ᠬᠠᠷᠠᠴᠢᠨ ᠭᠤᠷᠪᠠᠨ ᠬᠤᠰᠢᠭᠤᠨ ᠦ ᠨᠡᠢ᠌ᠭᠡᠮ ᠤᠨ ᠪᠠᠢ᠌ᠭᠤᠯᠤᠯ ᠤᠨ ᠦᠨᠳᠦᠰᠦᠨ ᠨᠢᠭᠴᠡᠢ ᠪᠤᠯᠬᠤ— ᠰᠤᠮᠤᠨ ᠦ ᠪᠠᠢ᠌ᠭᠤᠯᠤᠯ ᠳᠤ ᠶᠡᠬᠡᠬᠡᠨ ᠨᠦᠯᠦᠭᠡ ᠪᠤᠯᠪᠠ᠃ ᠳᠤᠰ ᠦᠭᠦᠯᠡᠯ ᠳᠤ ᠬᠠᠮᠢᠶ ᠠ ᠪᠦᠬᠦᠢ ᠠᠯᠪᠠᠨ ᠦ ᠪᠢᠴᠢᠭ᠌ ᠮᠠᠲ᠋ᠸᠷᠢᠠᠶᠯ ᠪᠠ ᠴᠢᠩ ᠤᠯᠤᠰ ᠤᠨᠨ ᠦᠶ ᠡ ᠶᠢᠨ ᠬᠠᠷᠠᠴᠢᠨ ᠭᠤᠷᠪᠠᠨ ᠬᠤᠰᠢᠭᠤᠨ ᠦ ᠵᠠᠰᠠᠭ ᠶᠠᠮᠤᠨ ᠦ ᠮᠣᠩᠭᠣᠯ ᠪᠢᠴᠢᠭ᠌ ᠤᠨ ᠳᠠᠩᠰᠠ ᠳᠤ ᠰᠠᠭᠤᠷᠢᠯᠠᠵᠤ᠂ ᠴᠢᠩ ᠤᠯᠤᠰ ᠤᠨ ᠦᠶ ᠡ ᠶᠢᠨ ᠬᠠᠷᠠᠴᠢᠨ ᠭᠤᠷᠪᠠᠨ ᠬᠤᠰᠢᠭᠤᠨ ᠦ ᠠᠯᠪᠠᠲᠤ ᠡᠷ ᠡ ᠶᠢᠨ ᠲᠤᠭ᠎ᠠ ᠦ ᠬᠤᠷᠤᠭᠳᠠᠭᠰᠠᠨ ᠪᠠᠢ᠌ᠳᠠᠯ᠂ ᠰᠢᠯᠳᠠᠭᠠᠨ᠂ ᠦᠷ ᠡ ᠨᠦᠯᠦᠭᠡ ᠶᠢ ᠵᠠᠳᠠᠯᠤᠨ ᠰᠢᠨᠵᠢᠪᠡ᠃ 
Original Literature View Original Paper
出自 内蒙古师范大学学报 2008年 第1期

联系我们


内蒙古大学图书馆
呼和浩特市大学西路235号
中国·内蒙古
P: (0471) 4992561
E: huangfeilong@imu.edu.cn