Paper Information


Title ᠠᠳᠠᠯᠢ ᠪᠤᠰᠤ ᠡᠷᠭᠦᠭᠳᠡᠴᠡ ᠳᠡᠬᠢ ᠤᠯᠠᠭᠠᠨ ᠪᠤᠢᠯᠠᠰᠤ ᠶᠢᠨ ᠴᠡᠴᠡᠭ ᠦᠨ ᠲᠤᠭᠤᠰᠤᠨ ᠤ ᠠᠮᠵᠵᠢᠷᠠᠯ ᠤᠨ ᠬᠦᠴᠦᠨ ᠵᠢᠴᠢ ᠬᠦᠷᠳᠡᠪᠴᠢ ᠶᠢᠨ ᠲᠤᠭᠤᠰᠤ ᠬᠦᠷᠲᠡᠬᠦ ᠴᠢᠨᠠᠷ ᠤᠨ ᠬᠠᠷᠢᠴᠠᠭᠤᠯᠤᠭᠰᠠᠨ ᠰᠤᠳᠤᠯᠭᠠᠨ
Creator ᠾᠦᠩ ᠢᠦᠢ; ᠳ᠋ᠦ᠋ ᠴᠢᠶᠤᠤ ᠵᠧᠨ; ᠹᠧᠩ ᠴᠦᠨ
Keyword ᠤᠯᠠᠭᠠᠨ ᠪᠤᠢᠯᠠᠰᠤ; ᠴᠡᠴᠡᠭ ᠦᠨ ᠲᠤᠭᠤᠰᠤᠨ ᠤ ᠠᠮᠢᠵᠢᠷᠠᠯ ᠤᠨ ᠬᠦᠴᠦᠨ; ᠬᠦᠷᠲᠡᠪᠴᠢ ᠶᠢᠨ ᠬᠦᠷᠲᠡᠬᠦ ᠴᠢᠨᠠᠷ
Abstract ᠤᠯᠠᠭᠠᠨ ᠪᠤᠢᠯᠠᠰᠤ ᠶᠢᠨ ᠴᠡᠴᠡᠭ ᠦᠨ ᠲᠤᠭᠤᠰᠤ ᠨᠢ ᠴᠡᠴᠡᠭ ᠳᠡᠯᠭᠡᠷᠡᠬᠦ ᠡᠴᠡ ᠡᠮᠦᠨ᠎ᠡ 1 ᠴᠠᠭ ᠣᠷᠴᠢᠮ ᠢᠶᠠᠷ ᠠᠮᠢᠵᠢᠷᠠᠯ ᠤᠨ ᠬᠦᠴᠦᠨ ᠲᠡᠢ ᠪᠤᠯᠳᠠᠭ᠂ ᠴᠡᠴᠡᠭ ᠳᠡᠯᠭᠡᠷᠡᠭᠡᠳ 2 ᠡᠳᠦᠷ ᠪᠤᠯᠪᠠᠯ᠂ ᠴᠡᠴᠡᠭ ᠦᠨ ᠲᠤᠭᠤᠰᠤᠨ ᠤ ᠠᠮᠢᠵᠢᠷᠠᠯ ᠤᠨ ᠬᠦᠴᠦᠨ ᠨᠢ ᠬᠠᠮᠤᠭ ᠤᠨ ᠴᠢᠩᠭ᠍᠎᠍ᠠ (ᠪᠠᠷᠤᠭ 60% ᠣᠷᠴᠢᠮ)᠂ ᠡᠷᠭᠦᠭᠳᠡᠴᠡ ᠳᠡᠭᠡᠭᠰᠢᠯᠡᠬᠦ ᠶᠢ ᠳᠠᠭᠠᠯᠳᠤᠨ ᠴᠡᠴᠡᠭ ᠦᠨ ᠲᠤᠭᠤᠰᠤᠨ ᠤ ᠠᠮᠢᠵᠢᠷᠠᠯ ᠤᠨ ᠬᠦᠴᠦᠨ ᠨᠢ ᠠᠭᠠᠵᠢᠮ ᠢᠶᠠᠷ ᠨᠡᠮᠡᠭᠳᠡᠨ᠎ᠡ᠃ ᠬᠦᠷᠲᠡᠪᠴᠢ ᠨᠢ ᠴᠡᠴᠡᠭ ᠳᠡᠯᠭᠡᠷᠡᠬᠦ ᠡᠴᠡ ᠡᠮᠦᠨ᠎ᠡ 1 ᠴᠠᠭ ᠣᠷᠴᠢᠮ ᠢᠶᠠᠷ ᠲᠤᠭᠤᠰᠤ ᠬᠦᠷᠲᠡᠬᠦ ᠴᠢᠨᠠᠷ ᠲᠠᠢ ᠪᠤᠯᠵᠤ᠂ 2~4 ᠡᠳᠦᠷ ᠲᠦ ᠲᠤᠭᠤᠰᠤ ᠬᠦᠷᠲᠡᠬᠦ ᠴᠢᠨᠠᠷ ᠬᠠᠮᠤᠭ ᠤᠨ ᠴᠢᠩᠭ᠍᠎ᠠ ᠪᠠᠢᠳᠠᠭ᠃ ᠬᠦᠷᠲᠡᠪᠴᠢ ᠶᠢᠨ ᠲᠤᠭᠤᠰᠤ ᠬᠦᠷᠲᠡᠬᠦ ᠴᠢᠨᠠᠷ ᠤᠨ ᠦᠷᠭᠦᠯᠵᠢᠯᠡᠬᠦ ᠴᠠᠭ ᠨᠢ ᠠᠳᠠᠯᠢ ᠪᠤᠰᠤ ᠡᠷᠭᠦᠭᠳᠡᠴᠡ ᠶᠢᠨ ᠬᠤᠭᠤᠷᠤᠨᠳᠤ ᠠᠳᠠᠯᠢ ᠪᠤᠰᠤ ᠪᠠᠢᠳᠠᠭ᠃ ᠳᠤᠤᠷ᠎ᠠ ᠡᠷᠭᠦᠭᠳᠡᠴᠡ ᠳᠦ ᠬᠦᠷᠲᠡᠪᠴᠢ ᠶᠢᠨ ᠲᠤᠭᠤᠰᠤ ᠬᠦᠷᠲᠡᠬᠦ ᠴᠢᠨᠠᠷ ᠨᠢ 6 ᠡᠳᠦᠷ ᠦᠷᠭᠦᠯᠵᠢᠯᠡᠵᠦ᠂ ᠦᠨᠳᠦᠷ ᠡᠷᠭᠦᠭᠳᠡᠴᠡ ᠳᠦ 10 ᠡᠳᠦᠷ ᠣᠷᠴᠢᠮ ᠦᠷᠭᠦᠯᠵᠢᠯᠡᠨ᠎ᠡ᠃ ᠳᠤᠤᠷ᠎ᠠ ᠡᠷᠭᠦᠭᠳᠡᠴᠡ ᠳᠦ ᠤᠷᠭᠤᠮᠠᠯ ᠤᠨ ᠲᠤᠭᠤᠰᠤ ᠬᠦᠷᠲᠡᠬᠦ ᠴᠢᠨᠠᠷ ᠤᠨ ᠦᠷᠭᠦᠯᠵᠢᠯᠡᠬᠦ ᠴᠠᠭ ᠨᠢ ᠦᠨᠳᠦᠷ ᠡᠷᠭᠦᠭᠳᠡᠴᠡ ᠦᠨ ᠤᠷᠭᠤᠮᠠᠯ ᠠᠴᠠ ᠣᠬᠤᠷ ᠪᠠᠢᠳᠠᠭ᠃ ᠤᠯᠠᠭᠠᠨ ᠪᠤᠢᠯᠠᠰᠤ ᠶᠢᠨ ᠤᠷᠭᠤᠮᠠᠯ ᠤᠨ ᠬᠦᠷᠲᠡᠪᠴᠢ ᠨᠢ ᠴᠡᠴᠡᠭ ᠳᠡᠯᠭᠡᠷᠡᠭᠰᠡᠨ ᠦ ᠳᠠᠷᠠᠭ᠎ᠠ 1 ᠡᠳᠦᠷ ᠲᠦ ᠨᠢᠯᠴᠠᠭᠠᠢ ᠰᠢᠩᠭᠡᠨ ᠱᠦᠭᠦᠷᠡᠭᠦᠯᠵᠦ᠂ ᠱᠦᠭᠦᠷᠡᠭᠦᠯᠬᠦ ᠬᠡᠮᠵᠢᠶ᠎ᠡ ᠵᠢᠴᠢ ᠬᠤᠭᠤᠴᠠᠭ᠎ᠠ ᠨᠢ ᠡᠷᠭᠦᠭᠳᠡᠴᠡ ᠶᠢᠨ ᠨᠡᠮᠡᠭᠳᠡᠬᠦ ᠶᠢ ᠳᠠᠭᠠᠯᠳᠤᠨ ᠨᠡᠮᠡᠭᠳᠡᠨ᠎ᠡ᠃
Original Literature No Original Paper
出自 内蒙古师范大学学报(自然科学蒙古文版) 2010年 第3期

联系我们


内蒙古大学图书馆
呼和浩特市大学西路235号
中国·内蒙古
P: (0471) 4992561
E: huangfeilong@imu.edu.cn