Abstract |
ᠲᠤᠰ ᠥᠭᠥᠯᠡᠯ ᠳᠤ ᠮᠣᠩᠭ᠋ᠣᠯᠴᠣᠳ ᠡᠷᠳᠡᠨ ᠡᠴᠡ 《ᠰᠢᠯᠦᠭ》ᠬᠡᠭᠦ ᠤᠷᠠᠨ ᠵᠤᠬᠢᠶᠠᠯ ᠤᠨ ᠨᠢᠭᠡᠨ ᠲᠦᠷᠦᠯ ᠤᠨ ᠨᠡᠷᠡᠢ᠌ᠳᠦᠯ ᠢ ᠬᠡᠷᠢᠨ ᠨᠡᠷᠡᠯᠡᠵᠦ ᠶᠠᠭᠠᠬᠢᠵᠦ ᠳᠠᠨᠢᠵᠤ ᠪᠠᠢ᠌ᠭᠰᠠᠨ ᠢ ᠬᠡᠷᠡᠴᠢᠯᠡᠬᠡᠰᠦ ᠴᠡᠭ ᠡᠴᠡ ᠲᠡᠦᠬᠡᠴᠢᠯᠡᠨ ᠳᠤᠳᠤᠯᠠᠬᠤ ᠶᠢ ᠤᠷᠤᠯᠳᠤᠵᠠᠢ᠃ 《ᠳᠠᠭᠤ》ᠬᠡᠭᠦ ᠨᠡᠷᠡᠰ ᠶᠢᠨᠷ ᠡᠷᠳᠡᠨ ᠦ ᠮᠣᠩᠭᠣᠯᠴᠣᠳ ᠳᠠᠭᠤᠯᠠᠬᠤ ᠳᠠᠭᠤᠤ ᠪᠠ ᠤᠩᠰᠢᠬᠤ ᠰᠢᠯᠦᠭ ᠢ ᠪᠡᠬᠡᠮᠨᠡᠷᠡᠭᠦᠯᠦᠨ ᠳᠠᠭᠤᠳᠠᠵᠤ ᠪᠠᠢ᠌ᠭᠰᠠᠨ ᠡᠴᠡ ᠮᠣᠩᠭᠣᠯ ᠤᠨ ᠲᠤᠯᠭᠤᠷ ᠲᠦᠷᠦ ᠪᠠᠢ᠌ᠭᠤᠯᠤᠭᠳᠠᠬᠤ ᠶᠢᠨ ᠳᠠᠭᠠᠤ 《ᠱᠯᠦᠺ》《ᠱᠢ》ᠬᠤᠶᠠᠷ ᠨᠡᠷᠡᠰ ᠢ ᠵᠡᠷᠭᠡᠴᠡᠭᠦᠯᠦᠨ ᠬᠡᠷᠡᠭᠯᠡᠭᠦ ᠪᠤᠯᠤᠭᠰᠠᠨ ᠲᠦᠯᠦᠪᠳᠡᠢ᠃ 《ᠱᠯᠦᠺ》᠋ ᠢ 《ᠤᠳᠬ ᠠ》ᠯᠤᠭ᠎ᠠ ᠬᠤᠯᠪᠤᠨ ᠳᠠᠨᠢᠬᠤ ᠦᠶ ᠡ ᠪᠡᠷ 《ᠱᠯᠦᠺ》 ᠨᠢ 《ᠰᠢᠯᠦᠭ》ᠪᠤᠯᠵᠤ ᠪᠠᠶ ᠡ ᠪᠡᠨ ᠳᠠᠭᠠᠭᠠᠭᠰᠠᠨ ᠤᠷᠠᠨ ᠵᠤᠬᠢᠶᠠᠯ ᠤᠨ ᠲᠤᠮᠤ ᠨᠢᠭᠡ ᠲᠦᠷᠦᠺ ᠪᠤᠯᠵᠤ ᠮᠣᠩᠭᠣᠯ ᠤᠳᠬ ᠠ ᠵᠤᠬᠢᠶᠠᠯ ᠢ ᠤᠶᠤᠯᠳᠤᠵᠤ ᠢᠷᠡᠭᠰᠡᠨ ᠪᠠᠢ᠌ᠨ᠎ᠠ᠂ ᠡᠨᠡ ᠴᠠᠭ ᠪᠠᠷᠤᠭ 17—19 ᠵᠠᠭᠤᠨ ᠦ ᠠᠯᠲᠠ ᠪᠡᠷ ᠪᠠᠢ᠌ᠭᠰᠠᠨ ᠰᠢᠨᠵᠢᠳᠡᠢ᠃ |