Paper Information


Title 《ᠰᠤᠶᠤᠯ ᠤᠨ ᠶᠡᠬᠡ ᠬᠤᠪᠢᠰᠬᠠᠯ》 ᠤᠨ ᠦᠶ᠎ᠡ ᠶᠢᠨ ᠮᠤᠩᠭ᠋ᠤᠯ ᠲᠤᠭᠤᠵᠢᠰ ᠲᠤ ᠬᠢ ᠦᠨᠳᠦᠰᠦᠳᠡᠨ ᠤ ᠠᠳᠠᠯᠢᠰᠢᠯ ᠤᠨ ᠲᠤᠬᠠᠢ ᠵᠤᠪᠠᠨᠢᠯ
Creator ᠨᠠᠮᠢᠶ᠎ᠠ
Keyword 《ᠰᠤᠶᠤᠯ ᠤᠨ ᠶᠡᠬᠡ ᠬᠤᠪᠢᠰᠬᠠᠯ》 ᠤᠨ ᠱᠠᠳᠤ; ᠮᠤᠩᠭ᠋ᠤᠯ ᠲᠤᠭᠤᠵᠢᠰ; ᠦᠨᠳᠦᠰᠦᠳᠡᠨ ᠤ ᠠᠳᠠᠯᠢᠰᠢᠯ
Abstract ᠦᠭᠦᠯᠡᠯ ᠳᠤ 《ᠰᠤᠶᠤᠯ ᠤᠨ ᠶᠡᠬᠡ ᠬᠤᠪᠢᠰᠬᠠᠯ》 ᠤᠨ ᠱᠠᠳᠤᠨ ᠤ ᠮᠤᠩᠭ᠋ᠤᠯ ᠲᠤᠭᠤᠵᠢᠰ ᠶᠢᠡᠷ ᠠᠵᠢᠭᠯᠠᠯᠳᠠ ᠶᠢᠨ ᠴᠡᠭ ᠪᠤᠯᠭᠠᠵᠤ᠂ ᠲᠤᠬᠠᠢ ᠶᠢᠨ ᠦᠶ᠎ᠡ ᠶᠢᠨ ᠮᠤᠩᠭ᠋ᠤᠯ ᠵᠤᠬᠢᠶᠠᠯᠴᠢᠳ᠂ ᠬᠠᠳᠠᠭᠤ ᠴᠢᠩᠭ᠎ᠠ ᠤᠯᠤᠰ ᠲᠦᠷᠦ ᠶᠢᠨ ᠱᠠᠭᠠᠷᠳᠠᠯᠭ᠎ᠠ ᠲᠤᠤᠷ᠎ᠠ᠂ ᠦᠨᠳᠦᠰᠦᠳᠡᠨ ᠤ ᠬᠡᠯᠡ ᠪᠠ ᠰᠤᠶᠤᠯ ᠶᠢᠡᠨ ᠬᠡᠷᠬᠢᠨ ᠮᠡᠳᠡᠷᠡᠵᠦ᠂ ᠪᠠᠰᠠ ᠬᠡᠷᠬᠢᠨ ᠦᠭᠡᠷᠡᠴᠢᠯᠡᠵᠦ ᠪᠠᠢ᠌ᠰᠠᠨ ᠲᠤᠬᠠᠢ ᠪᠤᠳᠠᠳᠠᠢ ᠵᠤᠬᠢᠶᠠᠯ ᠶᠢᠡᠷ ᠵᠢᠱᠢᠶᠡᠯᠡᠵᠦ ᠲᠠᠢ᠌ᠯᠪᠤᠷᠢᠯᠡᠵᠡᠢ᠃ ᠠᠵᠢᠭᠯᠠᠯᠳᠠ ᠡᠴᠡ ᠦᠵᠡᠬᠦ ᠳᠤ 《ᠰᠤᠶᠤᠯ ᠤᠨ ᠶᠡᠬᠡ ᠬᠤᠪᠢᠰᠬᠠᠯ》 ᠤᠨ ᠱᠠᠳᠤ ᠦᠶ᠎ᠡ ᠪᠤᠯ ᠮᠤᠩᠭ᠋ᠤᠯ ᠵᠤᠬᠢᠶᠠᠯᠴᠢᠳ ᠤᠨ ᠦᠨᠳᠦᠰᠦᠳᠡᠨ ᠤ ᠠᠳᠠᠯᠢᠰᠢᠯ ᠡᠴᠡ ᠵᠠᠢ᠌ᠯᠠᠬᠤ ᠪᠤᠶᠤ ᠦᠨᠳᠦᠰᠦᠳᠡᠨ ᠤ ᠠᠳᠠᠯᠢᠰᠢᠯ ᠤᠨ ᠲᠤᠬᠠᠢ ᠵᠤᠪᠠᠨᠢᠵᠤ ᠪᠠᠢ᠌ᠭᠰᠠᠨ ᠦᠶ᠎ᠡ ᠪᠤᠯᠬᠤ ᠪᠦᠭᠡᠳ ᠤᠯᠤᠰ ᠲᠦᠷᠦ ᠶᠢᠨ ᠱᠠᠭᠠᠷᠳᠠᠯᠭ᠎ᠠ ᠶᠤᠰᠤᠭᠠᠷ ᠦᠨᠳᠦᠰᠦᠳᠡᠨ ᠤ ᠤᠯᠠᠮᠵᠢᠯᠠᠯᠳᠤ ᠰᠤᠶᠤᠯ ᠢ ᠬᠤᠪᠢᠷᠠᠭᠤᠯᠬᠤ ᠭᠡᠵᠦ ᠤᠷᠤᠯᠳᠤᠭᠰᠠᠨ ᠱᠠᠳᠤ ᠦᠶ᠎ᠡ ᠪᠤᠯᠤᠨ᠎ᠠ᠃
Original Literature View Original Paper
出自 内蒙古大学学报 2013年 第6期

联系我们


内蒙古大学图书馆
呼和浩特市大学西路235号
中国·内蒙古
P: (0471) 4992561
E: huangfeilong@imu.edu.cn