Paper Information


Title ᠦᠪᠦᠷ ᠮᠣᠩᠭᠤᠯ ᠤᠨ ᠤᠯᠤᠰ ᠲᠦᠷᠦ ᠶᠢᠨ ᠵᠦᠪᠡᠯᠯᠭᠡᠨ ᠡᠴᠡ ᠬᠡᠪᠯᠡᠬᠦᠯᠦᠭᠰᠡᠨ ᠰᠣᠶᠣᠯ ᠲᠡᠦᠬᠡ ᠶᠢᠨ ᠮᠠᠲ᠋ᠧᠷᠢᠶᠠᠯ ᠤᠨ ᠰᠤᠷᠪᠤᠯᠵᠢ ᠪᠢᠴᠢᠭ ᠤᠨ ᠦᠨ᠎ᠠ ᠴᠡᠨ᠎ᠠ ᠵᠢ ᠦᠭᠦᠯᠡᠬᠦ ᠨᠢ
Creator ᠰᠤᠷᠤᠨ᠎ᠠ
Keyword ᠤᠷᠤᠨ ᠨᠤᠲᠤᠭ ᠤᠨ ᠰᠤᠷᠪᠤᠯᠵᠢ ᠪᠢᠴᠢᠭ;ᠰᠣᠶᠣᠯ ᠲᠡᠦᠭᠡ ᠶᠢᠨ ᠮᠠᠲ᠋ᠸᠷᠢᠶᠠᠯ; ᠬᠠᠳᠠᠭᠠᠯᠤᠵ ᠬᠠᠮᠠᠭᠠᠯᠠᠬᠤ
Abstract ᠤᠷᠤᠨ ᠨᠤᠲᠤᠭ ᠤᠨ ᠰᠣᠲᠣᠯ ᠲᠡᠦᠭᠡ ᠶᠢᠨ ᠮᠠᠲ᠋ᠧᠷᠢᠶᠠᠯ ᠪᠤᠯᠤᠨ ᠤᠷᠤᠨ ᠨᠤᠲᠤᠭ ᠤᠨ ᠰᠣᠶᠣᠯ ᠲᠡᠦᠭᠡ ᠵᠢ ᠤᠢᠯᠠᠭᠠᠬᠤ ᠪᠠ ᠰᠣᠳᠤᠯᠬᠤ ᠰᠤᠷᠪᠤᠯᠵᠢ ᠪᠢᠴᠢᠭ ᠤᠨ ᠭᠤᠤᠯ ᠪᠦᠷᠢᠯᠳᠦᠬᠦᠨ ᠪᠣᠯᠬᠤ ᠤᠴᠢᠷ ᠰᠣᠳᠤᠯᠭᠠᠨ ᠤ ᠴᠢᠬᠤᠯᠠ ᠮᠠᠲ᠋ᠧᠷᠢᠶᠠᠯ ᠪᠤᠯᠳᠠᠭ᠃ ᠦᠪᠦᠷ ᠮᠣᠨᠭᠤᠯ ᠤᠨ ᠤᠯᠤᠰ ᠲᠦᠷᠦ ᠶᠢᠨ ᠵᠦᠪᠯᠡᠯᠭᠡ ᠡᠴᠡ ᠡᠷᠬᠢᠯᠡᠨ ᠨᠠᠢᠷᠠᠭᠤᠯᠤᠭᠰᠠᠨ ᠰᠣᠶᠣᠯ ᠲᠡᠦᠭᠡ ᠶᠢᠨ ᠮᠠᠲ᠋ᠸᠷᠢᠶᠠᠯ ᠨᠢ ᠲᠤᠭ᠎ᠠ ᠭᠡᠮᠵᠢᠶ ᠠ ᠪᠡᠷ ᠴᠦᠭᠡᠨ ᠪᠣᠯᠪᠠᠴᠤ᠂ ᠮᠠᠰᠢ ᠦᠨ᠎ᠠ ᠦᠷᠲᠡᠭ ᠪᠦᠬᠦᠢ ᠮᠣᠩᠭᠯᠤ ᠬᠡᠪᠯᠡᠯ ᠤᠨ ᠬᠡᠪᠯᠡᠭᠳᠡᠵᠦ ᠦᠩᠭᠡᠷᠡᠭᠰᠡᠨ ᠪᠠ ᠤᠢᠷ ᠠ ᠶᠢᠨ ᠵᠢᠯ ᠳ᠋ᠤ ᠵᠠᠷᠢᠮ ᠭᠠᠵᠠᠷ ᠤᠨ ᠬᠢᠨ ᠬᠠᠭᠤᠴᠢᠨ ᠭᠡᠪᠯᠡᠯ ᠢᠢᠡᠨ ᠲᠡᠭᠢᠨ ᠰᠡᠷᠭᠦᠭᠡᠨ ᠬᠡᠪᠯᠡᠬᠦᠯᠵᠦ ᠪᠠᠢᠭ᠎ᠠ ᠨᠢ ᠂ ᠡᠨᠡ ᠬᠦ ᠲᠡᠦᠬᠡ ᠶᠢᠨ ᠮᠠᠲ᠋ᠧᠷᠢᠶᠠᠯ ᠤᠳ ᠢ ᠬᠦᠨᠳᠦᠳᠭᠡᠨ ᠦᠵᠡᠵᠦ ᠪᠠᠢᠬᠤ ᠬᠠᠨᠳᠤᠰᠢ ᠬᠠᠷᠠᠭᠳᠠᠵᠤ ᠪᠠᠢᠨ᠎ᠠ᠃ ᠭᠡᠪᠡᠴᠦ ᠬᠠᠷᠠᠮᠰᠠᠯᠲᠠᠢ ᠨᠢ ᠡᠨᠡ ᠲᠣᠬᠠᠢ ᠰᠣᠳᠤᠯᠤᠨ ᠰᠢᠨᠵᠢᠯᠡᠭᠰᠡᠨ ᠦᠭᠦᠯᠡᠯ ᠮᠠᠲ᠋ᠧᠷᠢᠶᠠᠯ ᠲᠤᠩ ᠴᠦᠭᠡᠨ ᠲᠤᠯᠠ᠂ ᠲᠤᠰ ᠦᠭᠦᠯᠡᠯ ᠳ᠋ᠤᠨᠣᠮ  ᠤᠨ ᠰᠠᠩ ᠳ᠋ᠤ ᠤᠯᠳᠠᠭᠳᠠᠬᠤ ᠬᠡᠰᠡᠭ ᠮᠠᠲ᠋ᠸᠷᠢᠶᠠᠯ ᠢ ᠦᠨᠳᠦᠰᠦᠯᠡᠨ ᠤᠯᠤᠰ ᠲᠦᠷᠦ ᠶᠢᠨ ᠵᠦᠪᠯᠡᠯᠭᠡᠨ ᠤ ᠡᠷᠬᠢᠯᠡᠨ ᠨᠠᠢᠷᠠᠭᠤᠯᠤᠭᠰᠠᠨ ᠰᠣᠶᠣᠯ ᠲᠡᠦᠭᠡ ᠶᠢᠨ ᠮᠠᠲ᠋ᠧᠷᠢᠶᠠᠯ ᠤᠨ ᠮᠣᠩᠭᠤᠯ ᠬᠡᠪᠯᠡᠯ ᠤᠨ ᠬᠡᠪᠯᠡᠭᠳᠡᠵᠦ ᠬᠠᠳᠠᠭᠠᠯᠠᠭᠳᠠᠭᠰᠠᠨ ᠪᠠᠢᠳᠠᠯ᠂ ᠮᠣᠩᠭᠤᠯ ᠬᠡᠪᠯᠡᠯ ᠨᠢ ᠬᠢᠳᠠᠳ ᠬᠡᠪᠯᠡᠯ ᠡᠴᠡ ᠣᠨᠴᠠᠯᠠᠭᠳᠠᠭᠰᠠᠨ ᠦᠪᠡᠷᠮᠢᠴᠡ ᠠᠭᠤᠯᠠᠭ᠎ ᠠ ᠴᠢᠨᠠᠷ ᠢ ᠦᠭᠦᠯᠡᠨ᠂ᠬᠤᠢᠰᠢᠲᠠ ᠬᠦᠨᠵᠡᠭᠡᠢ ᠰᠣᠳᠤᠯᠬᠤ ᠳ᠋ᠤ ᠦᠴᠦᠭᠡᠨ ᠪᠤᠯᠭᠠᠬᠤ ᠵᠢ ᠬᠦᠰᠡᠪᠡ᠃
Original Literature No Original Paper
出自 内蒙古大学学报 2016年 第5期

联系我们


内蒙古大学图书馆
呼和浩特市大学西路235号
中国·内蒙古
P: (0471) 4992561
E: huangfeilong@imu.edu.cn