Paper Information


Title ᠶᠤᠸᠠᠨ ᠤᠯᠤᠰ ᠤᠨ ᠦᠶ᠎ᠡ ᠶᠢᠨ ᠴᠤᠢ᠌ᠵᠢᠨ᠋ᠤᠳᠰᠠᠷ ᠤᠨ ᠨᠠᠮᠳᠠᠷ ᠲᠡᠦᠬᠡ ᠶᠢᠨ ᠲᠤᠬᠠᠢ ᠳᠠᠬᠢᠨ ᠦᠭᠦᠯᠡᠬᠦ ᠨᠢ
Creator ᠴ‍᠂ ᠬᠡᠰᠢᠭ᠍ᠲᠤᠭᠲᠠᠬᠤ
Keyword
Abstract ᠴᠤᠢ᠌ᠵᠢᠨ᠋ᠤᠳᠰᠠᠷ ᠤᠨ ᠰᠤᠳᠤᠯᠤᠯ ᠵᠢᠷᠭᠤᠭᠠᠨ ᠵᠠᠭᠤ ᠭᠠᠷᠤᠢ ᠵᠢᠯ ᠦᠨ ᠲᠡᠦᠬᠡ ᠲᠡᠢ ᠪᠤᠯᠵᠠᠢ᠃ ᠵᠢᠷᠭᠤᠭᠠᠨ ᠵᠠᠭᠤ ᠭᠠᠷᠤᠢ ᠵᠢᠯ ᠦᠨ ᠲᠤᠷᠰᠢᠲᠠ ᠴᠤᠢ᠌ᠵᠢᠨ᠋ᠤᠳᠰᠠᠷ ᠤᠨ ᠵᠤᠬᠢᠶᠠᠯ ᠪᠦᠲᠦᠭᠡᠯ ᠦᠨ ᠰᠤᠳᠤᠯᠤᠯ ᠨᠢ ᠬᠠᠷᠢᠴᠠᠩ᠋ᠭᠤᠢ ᠪᠠᠷ ᠬᠡᠯᠡᠪᠡᠯ ᠨᠡᠯᠢᠶᠡᠳ ᠭᠦᠨᠵᠡᠭᠡᠢ᠌ᠷᠡᠭᠰᠡᠨ ᠪᠠᠢ᠌ᠳᠠᠭ ᠪᠤᠯᠪᠠᠴᠤ ᠴᠤᠢ᠌ᠵᠢᠨ᠋ᠤᠳᠰᠠᠷ ᠤᠨ ᠨᠠᠮᠳᠠᠷ ᠲᠡᠦᠬᠡ ᠶᠢᠨ ᠰᠤᠳᠤᠯᠤᠯ ᠤᠨ ᠲᠠᠯ᠎ᠠ ᠪᠠᠷ ᠪᠠᠯᠠᠷᠬᠠᠢ ᠠᠰᠠᠭᠤᠳᠠᠯ ᠨᠡᠯᠢᠶᠡᠳ ᠪᠠᠢ᠌ᠭᠰᠠᠭᠠᠷ ᠶᠤᠮ᠃ ᠲᠤᠰ ᠦᠭᠦᠯᠡᠯ ᠳᠦ ᠵᠤᠬᠢᠶᠠᠭᠴᠢ᠂ ᠴᠤᠢ᠌ᠵᠢᠨ᠋ᠤᠳᠰᠠᠷ ᠤᠨ ᠨᠠᠮᠳᠠᠷ ᠲᠡᠦᠬᠡ ᠶᠢ ᠭᠤᠷᠪᠠᠨ ᠪᠦᠯᠦᠭ ᠢᠶᠡᠷ ᠦᠭᠦᠯᠡᠪᠡ᠃ ᠨᠢᠭᠡᠳᠦᠭᠡᠷ ᠪᠦᠯᠦᠭ ᠲᠦ᠂ ᠭᠤᠤᠯᠳᠠᠭᠤ ᠮᠣᠩ᠋ᠭᠤᠯ᠂ ᠬᠢᠲᠠᠳ ᠲᠡᠦᠬᠡᠨ ᠲᠤᠯᠭᠤᠷ ᠪᠢᠴᠢᠭ᠌ ᠦᠳ ᠦᠨ ᠲᠡᠮᠳᠡᠭᠯᠡᠯ ᠢ ᠦᠨᠳᠦᠰᠦᠯᠡᠨ ᠴᠤᠢ᠌ᠵᠢᠨ᠋ᠤᠳᠰᠠᠷ ᠤᠨ 1305 — 1321 ᠣᠨ ᠤ ᠦᠶ᠎ᠡ ᠶᠢᠨ ᠦᠢᠯᠡ ᠠᠵᠢᠯᠯᠠᠭ᠎ᠠ ᠶᠢ ᠦᠭᠦᠯᠡᠭᠰᠡᠨ ᠪᠦᠭᠡᠳ ᠪᠠᠰᠠ ᠲᠡᠭᠦᠨ ᠦ ᠨᠠᠮᠳᠠᠷ ᠲᠡᠦᠬᠡ ᠶᠢᠨ ᠳᠤᠲᠤᠷ᠎ᠠ ᠦᠨᠳᠦᠰᠦᠨ ᠳᠡᠭᠡᠨ ᠲᠤᠳᠤᠷᠬᠠᠢ ᠪᠤᠯᠤᠭᠰᠠᠨ ᠠᠭᠤᠯᠭ᠎ᠠ ᠨᠤᠭᠤᠳ᠂ ᠲᠤᠳᠤᠷᠠᠭᠤᠯᠵᠤ ᠳᠡᠢ᠌ᠯᠦᠭᠡ ᠦᠭᠡᠢ ᠪᠠᠢ᠌ᠭ᠎ᠠ ᠠᠰᠠᠭᠤᠳᠠᠯ ᠤᠳ ᠢ ᠳ᠋ᠦᠩᠨᠡᠨ ᠲᠡᠮᠳᠡᠭᠯᠡᠪᠡ᠃ ᠬᠤᠶᠠᠳᠤᠭᠠᠷ ᠪᠦᠯᠦᠭ ᠲᠦ᠂ ᠵᠠᠷᠢᠮ ᠰᠤᠳᠤᠯᠤᠭᠴᠢᠳ ᠤᠨ ᠴᠤᠢ᠌ᠵᠢᠨ᠋ᠤᠳᠰᠠᠷ ᠢ ᠴᠤᠢ᠌ᠭᠦᠨ᠋ᠤᠳᠰᠠᠷ᠂ ᠵᠠᠭᠪᠠᠨ᠋ᠤᠳᠰᠠᠷ᠂ ᠰᠡᠮᠳᠡᠨᠰᠡᠩᠭᠡ ᠵᠡᠷᠭᠡ ᠲᠡᠦᠬᠡᠨ ᠬᠦᠮᠦᠰ ᠯᠦᠭᠡ ᠬᠤᠳᠬᠤᠨ ᠡᠨᠳᠡᠭᠦᠷᠡᠵᠦ ᠪᠠᠢ᠌ᠭ᠎ᠠ ᠶᠢ ᠦᠨᠳᠦᠰᠦ ᠪᠠᠷᠢᠮᠲᠠ ᠲᠠᠢ ᠨᠠᠷᠢᠨ ᠦᠭᠦᠯᠡᠪᠡ᠃ ᠭᠤᠷᠪᠠᠳᠤᠭᠠᠷ ᠪᠦᠯᠦᠭ ᠲᠦ᠂ ᠡᠨᠡ ᠰᠡᠳᠦᠪ ᠦᠨ ᠲᠠᠯ᠎ᠠ ᠪᠠᠷ ᠬᠤᠢ᠌ᠰᠢᠲᠠ ᠰᠤᠳᠤᠯᠬᠤ ᠴᠢᠬᠤᠯᠠᠲᠠᠢ ᠠᠰᠠᠭᠤᠳᠠᠯ ᠪᠤᠯᠤᠨ ᠰᠤᠳᠤᠯᠬᠤ ᠠᠷᠭ᠎ᠠ ᠵᠠᠮ ᠢ ᠳᠤᠷᠠᠳᠴᠠᠢ᠃
Original Literature No Original Paper
出自 内蒙古大学学报 1995年 第3期

联系我们


内蒙古大学图书馆
呼和浩特市大学西路235号
中国·内蒙古
P: (0471) 4992561
E: huangfeilong@imu.edu.cn