Abstract |
ᠬᠤᠸᠠᠷᠰᠮ ᠤᠯᠤᠰ ᠪᠤᠯ ᠲᠦᠷᠺᠰᠲ᠋ᠠᠨ ᠤ ᠨᠤᠲᠤᠭ ᠲᠠᠢ ᠲᠡᠷᠡ ᠴᠠᠭ ᠤᠨ ᠦᠨᠳᠦᠷ ᠰᠤᠶᠤᠯᠲᠤ ᠤᠯᠤᠰ ᠪᠤᠯᠤᠨ᠎ᠠ᠃ ᠮᠣᠩᠭᠤᠯ ᠣᠷᠤᠨ ᠠᠯᠢ ᠡᠷᠲᠡᠨ ᠡᠴᠡ ᠬᠤᠸᠠᠷᠰᠮ ᠤᠯᠤᠰ ᠲᠠᠢ ᠠᠷᠠᠯᠵᠢᠶᠠᠨ ᠤ ᠬᠠᠷᠢᠴᠠᠭ᠎ᠠ ᠲᠠᠢ ᠪᠠᠢᠪᠠ᠃ ᠭᠡᠪᠡᠴᠦ ᠵᠢᠩᠬᠢᠨᠢ ᠬᠡᠪᠴᠢᠶ᠎ᠡ ᠲᠠᠢ ᠠᠷᠠᠯᠵᠢᠶᠠᠨ ᠤ ᠠᠵᠢᠯᠯᠠᠭ᠎ᠠ ᠪᠤᠯ 1215 ᠣᠨ ᠠᠴᠠ ᠡᠬᠢᠯᠡᠭᠰᠡᠨ ᠶᠤᠮ᠃ 《ᠮᠣᠩᠭᠤᠯ ᠤᠨ ᠨᠢᠭᠤᠴᠠ ᠲᠤᠪᠴᠢᠶᠠᠨ》 ᠳᠤ ᠲᠡᠮᠳᠡᠭᠯᠡᠭᠳᠡᠭᠰᠡᠨ 《ᠠᠯᠲᠠᠨ ᠠᠷᠭᠠᠮᠵᠢ》 ᠶᠢᠨ ᠤᠴᠢᠷ ᠪᠤᠯ ᠡᠭᠦᠨ ᠦ ᠪᠠᠲᠤᠲᠠᠢ ᠭᠡᠷᠡᠴᠢ ᠪᠠᠷᠢᠮᠲᠠ ᠮᠦᠨ᠃ ᠭᠡᠪᠡᠴᠦ ᠬᠤᠶᠠᠷ ᠡᠲᠡᠭᠡᠳ ᠦᠨ ᠠᠨᠳᠠᠭᠤᠷᠠᠯ ᠠᠴᠠ ᠪᠤᠯᠵᠤ ᠡᠴᠦᠰ ᠲᠦ ᠪᠡᠨ ᠳᠠᠢᠨ ᠳᠡᠵᠢᠨ ᠳᠡᠭᠳᠡᠵᠦ ᠬᠤᠶᠠᠷ ᠣᠷᠤᠨ ᠤ ᠠᠷᠠᠳ ᠲᠦᠮᠡᠨ ᠪᠡ ᠬᠤᠶᠠᠷ ᠣᠷᠤᠨ ᠤ ᠬᠡᠪ ᠦᠨ ᠰᠤᠯᠢᠯᠴᠠᠭ᠎ᠠ ᠳᠤ ᠬᠦᠨᠳᠦ ᠨᠤᠴᠢᠲᠠᠢ ᠤᠷᠰᠢᠭ ᠶᠠᠷᠰᠢᠭ ᠢ ᠠᠪᠴᠢᠷᠠᠵᠤ ᠦᠭᠴᠡᠢ᠃ ᠡᠭᠦᠨ ᠳᠦ ᠮᠦᠨ ᠣᠯᠠᠨ ᠲᠠᠯ᠎ᠠ ᠶᠢᠨ ᠰᠢᠯᠲᠠᠭᠠᠨ ᠪᠠᠢᠬᠤ ᠨᠢ ᠮᠡᠳᠡᠭᠡᠵᠢ ᠶᠤᠮ᠃ |