Paper Information


Title ᠬᠣᠷᠴᠢᠨ ᠠᠷᠠᠳ ᠤᠨ ᠳᠠᠭᠤᠤ ᠠᠴᠠ ᠪᠦᠬᠡ ᠶᠢᠨ ᠱᠠᠰᠢᠨ ᠤ ᠵᠠᠩ ᠦᠢᠯᠡ ᠶᠢ ᠰᠢᠨᠵᠢᠯᠡᠬᠦ ᠨᠢ
Creator ᠮᠦᠯᠠᠨ; ᠨᠠᠰᠤᠨᠴᠤᠭᠲᠤ
Keyword ᠬᠣᠷᠴᠢᠨ ᠠᠷᠠᠳ ᠤᠨ ᠳᠠᠭᠤᠤ; ᠪᠦᠬᠡ ᠶᠢᠨ ᠱᠠᠰᠢᠨ; ᠵᠠᠩ ᠦᠢᠯᠡ
Abstract ᠮᠣᠩᠭᠤᠯᠴᠤᠳ ᠠᠯᠢ ᠡᠷᠲᠡᠨ ᠡᠴᠡ ᠳᠠᠭᠤᠴᠢ ᠦᠨᠳᠦᠰᠦᠲᠡᠨ ᠭᠡᠵᠦ ᠳᠡᠯᠡᠬᠡᠢ ᠳᠠᠬᠢᠨ ᠳᠤ ᠠᠯᠳᠠᠷᠰᠢᠵᠠᠢ᠃ ᠠᠷᠠᠳ ᠤᠨ ᠳᠠᠭᠤᠤ ᠨᠢ ᠬᠦᠮᠦᠨ ᠲᠦᠷᠦᠯᠬᠢᠲᠡᠨ ᠦ ᠣᠨᠴᠠ ᠬᠠᠨᠢᠲᠠᠨ ᠤ ᠬᠤᠪᠢ ᠪᠠᠷ ᠲᠡᠦᠬᠡ ᠶᠢᠨ ᠤᠷᠲᠤ ᠵᠠᠮ ᠢ ᠲᠤᠭᠤᠯᠵᠤ᠂ ᠨᠡᠢᠭᠡᠮ ᠦᠨ ᠠᠮᠢᠳᠤᠷᠠᠯ ᠲᠡᠮᠡᠴᠡᠯ ᠦᠨ ᠲᠠᠯ᠎ᠠ ᠲᠠᠯ ᠠ ᠶᠢᠨ ᠦᠢᠯᠡ ᠶᠠᠪᠤᠳᠠᠯ ᠢ ᠳᠤᠰᠬᠠᠨ ᠮᠠᠨ ᠤ ᠦᠶ᠎ᠡ ᠳᠦ ᠬᠦᠷᠴᠦ ᠢᠷᠡᠪᠡ᠃ ᠬᠣᠷᠴᠢᠨ ᠠᠷᠠᠳ ᠤᠨ ᠳᠠᠭᠤᠤ ᠳᠤ ᠴᠤ ᠠᠳᠠᠯᠢᠬᠠᠨ ᠮᠦᠨ ᠬᠣᠷᠴᠢᠨᠴᠤᠳ ᠤᠨ ᠠᠮᠢᠳᠤᠷᠠᠯ ᠲᠡᠮᠡᠴᠡᠯ ᠦᠨ ᠪᠤᠳᠠᠲᠤ ᠪᠠᠢᠳᠠᠯ ᠦᠢᠯᠡ ᠬᠡᠷᠡᠭ ᠢ ᠳᠤᠰᠬᠠᠨ ᠬᠠᠷᠠᠭᠤᠯᠵᠤ ᠢᠯᠡᠷᠡᠯ ᠢᠶᠡᠨ ᠣᠯᠵᠠᠢ᠃ ᠬᠣᠷᠴᠢᠨᠴᠤᠳ ᠤᠨ ᠪᠦᠬᠡ ᠮᠦᠷᠭᠦᠯ ᠦᠨ ᠵᠠᠩ ᠦᠢᠯᠡ ᠨᠢ ᠬᠣᠷᠴᠢᠨ ᠠᠷᠠᠳ ᠤᠨ ᠳᠠᠭᠤᠤ ᠳᠤ ᠨᠡᠯᠢᠶᠡᠳ ᠭᠦᠨᠵᠡᠭᠡᠢ ᠳᠤᠰᠬᠠᠭᠳᠠᠭᠰᠠᠨ ᠪᠠᠢᠨ᠎ᠠ᠃ ᠬᠣᠷᠴᠢᠨ ᠪᠦᠬᠡ ᠶᠢᠨ ᠱᠠᠰᠢᠨ ᠨᠢ ᠲᠡᠭᠷᠢ᠂ ᠲᠡᠭᠷᠢ ᠪᠤᠷᠬᠠᠨ᠂ ᠬᠤᠨ ᠭᠠᠯᠠᠭᠤ᠂ ᠴᠠᠭᠠᠨ ᠡᠯᠢᠶ᠎ᠡ ᠵᠡᠷᠭᠡ ᠶᠢ ᠰᠢᠲᠦᠳᠡᠭ ᠪᠦᠭᠡᠳ ᠡᠳᠡᠭᠡᠷ ᠰᠢᠲᠦᠯᠭᠡ ᠶᠢ ᠬᠤᠨᠳᠠᠨ᠂ ᠢᠳᠤᠭᠠᠨ᠂ ᠯᠠᠢᠴᠢᠩ᠂ ᠴᠤᠢᠵᠢᠩ ᠠᠴᠠ ᠡᠷᠬᠢᠯᠡᠨ ᠶᠠᠪᠤᠭᠤᠯᠳᠠᠭ ᠵᠠᠩ ᠦᠢᠯᠡ ᠲᠠᠢ᠃
Original Literature View Original Paper
出自 中国蒙古学 2015年 第2期

联系我们


内蒙古大学图书馆
呼和浩特市大学西路235号
中国·内蒙古
P: (0471) 4992561
E: huangfeilong@imu.edu.cn