Paper Information


Title 《ᠮᠣᠩ᠋ᠭᠤᠯ ᠬᠠᠭᠠᠳ ᠤᠨ ᠲᠦᠷᠦ ᠶᠢᠨ ᠲᠤᠪᠴᠢᠶᠠᠨ》᠋ ᠠᠴᠠ ᠴᠢᠩᠭᠢᠰ ᠤᠨ ᠳᠠᠢ᠌ᠯᠭ᠎ᠠ ᠶᠢᠨ ᠵᠠᠷᠢᠮ ᠵᠠᠩ ᠦᠢᠯᠡ ᠶᠢ ᠰᠢᠨᠵᠢᠬᠦ ᠨᠢ
Creator ᠨ‍᠂ ᠬᠤᠷᠴᠠᠪᠢᠯᠢᠭ᠌
Keyword ᠭᠠᠷᠢᠯ ᠤᠨ ᠳᠠᠯᠠᠯᠭ᠎ᠠ; ᠰᠢᠨ᠎ᠡ ᠠᠷᠠᠰᠤ; ᠵᠡᠭᠦᠨ ᠲᠠᠯ᠎ᠠ; ᠤᠳᠬᠤᠨ ᠬᠦᠪᠡᠭᠦᠨ; ᠠᠯᠠᠭ ᠠᠳᠤᠭᠤᠲᠠᠨ; ᠮᠦᠩᠭᠦᠨ ᠪᠢᠯᠢᠭᠦᠷᠲᠡᠨ
Abstract ᠦᠭᠦᠯᠡᠯ ᠳᠦ 《ᠲᠦᠷᠦ ᠶᠢᠨ ᠲᠤᠪᠴᠢᠶᠠᠨ》᠋ ᠳᠠᠬᠢ ᠴᠢᠩᠭᠢᠰ ᠦᠨ ᠳᠠᠢ᠌ᠯᠭ᠎ᠠ ᠶᠢᠨ ᠵᠠᠷᠢᠮ ᠵᠠᠩ ᠦᠢᠯᠡ ᠳᠦ ᠬᠤᠯᠪᠤᠭᠳᠠᠬᠤ ᠲᠡᠮᠳᠡᠭᠯᠡᠯ ᠰᠡᠯᠲᠡ ᠶᠢ ᠰᠢ᠌ᠷᠡᠭᠦᠯᠦᠨ ᠭᠠᠷᠭᠠᠵᠤ᠂ ᠨᠠᠷᠢᠰᠬᠠᠨ ᠰᠤᠳᠤᠯᠤᠭᠠᠳ ᠠᠷᠠᠰᠤᠨ ᠳᠡᠭᠡᠷ᠎ᠡ ᠭᠠᠷᠢᠯ ᠤᠨ ᠳᠠᠯᠠᠯᠭ᠎ᠠ ᠬᠢᠬᠦ ᠨᠢ ᠡᠷᠲᠡᠨ ᠦ ᠬᠠᠭᠠᠨ ᠡᠷᠭᠦᠮᠵᠢᠯᠡᠬᠦ ᠶᠤᠰᠤᠯᠠᠯ ᠯᠤᠭ᠎ᠠ ᠬᠤᠯᠪᠤᠭᠠᠳᠠᠢ ᠶᠤᠰᠤᠨ᠂ ᠵᠡᠭᠦᠨ ᠲᠠᠯ᠎ᠠ ᠶᠢ ᠬᠦᠨᠳᠦᠯᠡᠬᠦ ᠪᠡ ᠤᠳᠬᠤᠨ ᠬᠦᠪᠡᠭᠦᠨ ᠨᠤᠲᠤᠭ ᠰᠠᠬᠢᠬᠤ ᠨᠢ ᠮᠣᠩ᠋ᠭᠤ᠋ᠯᠴᠤᠳ ᠤᠨ ᠳᠤᠮᠳᠠ ᠠᠯᠢ ᠡᠷᠲᠡ ᠡᠴᠡ ᠪᠠᠢ᠋ᠭᠰᠠᠨ ᠶᠤᠰᠤᠨ᠂ ᠠᠯᠠᠭ ᠠᠳᠤᠭᠤᠲᠠᠨ᠂ ᠮᠦᠩᠭᠦᠨ ᠪᠢᠯᠢᠭᠦᠷᠲᠡᠨ ᠳᠦ ᠲᠦᠭᠡᠯ ᠲᠦᠭᠡᠭᠡᠬᠦ ᠨᠢ ᠴᠢᠩᠭᠢᠰ ᠬᠠᠭᠠᠨ ᠤ ᠪᠠᠢ᠌ᠭᠤᠯᠤᠭᠰᠠᠨ 《ᠣᠢ ᠶᠢᠨ ᠲᠦᠮᠡᠨ》᠋ ᠦ ᠨᠤᠲᠤᠭ ᠲᠠᠬᠢ ᠰᠠᠢ᠌ᠨ ᠡᠭᠦᠯᠲᠡᠷ ᠦᠨ ᠠᠯᠠᠭ ᠠᠳᠤᠭᠤ ᠠᠷᠠᠴᠢᠯᠠᠭᠰᠠᠨ ᠬᠦᠮᠦᠨ ᠪᠡ ᠮᠦᠩᠭᠦᠨ ᠡᠳ᠋ᠯᠡᠯ ᠡᠯᠪᠡᠭ᠌ ᠡᠳ᠋ᠯᠡᠳᠡᠭ ᠬᠦᠮᠦᠨ ᠦ ᠦᠷ᠎ᠡ ᠬᠤᠢ᠌ᠴᠢᠰ ᠲᠤ ᠳᠠᠢ᠌ᠯᠠᠭ᠎ᠠ ᠶᠢᠨ ᠶᠠᠮᠤ ᠬᠡᠰᠢᠭ᠌ ᠬᠦᠷᠲᠡᠭᠡᠬᠦ ᠶᠤᠰᠤᠨ ᠪᠤᠯᠤᠨ᠎ᠠ ᠭᠡᠵᠦ ᠳᠤᠷᠠᠳᠴᠠᠢ᠃
Original Literature No Original Paper
出自 内蒙古社会科学(蒙文版) 2000年 第4期

联系我们


内蒙古大学图书馆
呼和浩特市大学西路235号
中国·内蒙古
P: (0471) 4992561
E: huangfeilong@imu.edu.cn