Paper Information


Title ᠴᠢᠩᠭᠢᠰ ᠬᠠᠭᠠᠨ ᠤ ᠶᠢᠰᠦᠨ ᠦᠷᠯᠦᠭ ᠬᠢᠭᠡᠳ ᠲᠠᠩ᠋ᠭᠤᠳᠳᠠᠢ ᠭᠤᠤ᠎ᠠ ᠰᠡᠴᠡᠨ ᠦ ᠤᠯᠤᠰ ᠲᠦᠷᠦ ᠶᠢᠨ ᠡᠰᠢ ᠶᠤᠰᠤᠨ ᠤ ᠦᠵᠡᠯ ᠰᠠᠨᠠᠭ᠎ᠠ ᠶᠢ ᠦᠭᠦᠯᠡᠬᠦ ᠨᠢ
Creator ᠬᠤᠸᠠᠨᠤᠳ ᠰᠡ‍᠂ ᠪᠠᠭᠠᠲᠤᠷ; ᠰᠤᠶᠤᠯᠴᠡᠴᠡᠭ
Keyword
Abstract ᠲᠤᠰ ᠦᠭᠦᠯᠡᠯ ᠳᠦ ᠂ ᠶᠠᠮᠠᠷᠪᠠ ᠨᠡᠢ᠌ᠭᠡᠮ ᠳᠦ ᠭᠡᠰᠡᠨ ᠦᠭᠡᠢ ᠤᠯᠤᠰ ᠲᠦᠷᠦ ᠬᠢᠭᠡᠳ ᠡᠰᠢ ᠶᠤᠰᠤ ᠪᠤᠯ ᠨᠢᠭᠲᠠ ᠬᠤᠯᠪᠤᠭ᠎ᠠ ᠲᠠᠢ ᠪᠠᠢ᠌ᠵᠤ ᠵᠤᠬᠢᠬᠤ ᠨᠦᠬᠦᠴᠡᠯ ᠳᠤᠤᠷ᠎ᠠ ᠤᠯᠤᠰ ᠲᠦᠷᠦ ᠨᠢ ᠡᠰᠢ ᠶᠤᠰᠤ ᠪᠠᠨ ᠲᠤᠭᠲᠠᠭᠠᠵᠤ᠂ ᠡᠰᠢ ᠶᠤᠰᠤ ᠨᠢ ᠤᠯᠤᠰ ᠲᠦᠷᠦ ᠶᠢᠨ ᠬᠡᠷᠡᠭᠴᠡᠭᠡᠨ ᠳᠦ ᠦᠢᠯᠡᠴᠢᠯᠡᠳᠡᠭ ᠵᠢᠮ᠎ᠡ ᠬᠠᠤᠯᠢ ᠲᠠᠢ ᠪᠢᠯᠡ᠂ ᠴᠢᠩᠭᠢᠰ ᠬᠠᠭᠠᠨ ᠤ ᠶᠢᠰᠦᠨ ᠦᠷᠯᠦᠭ ᠬᠢᠭᠡᠳ ᠲᠠᠩ᠋ᠭᠤᠳᠳᠠᠢ ᠭᠤᠤ᠎ᠠ ᠰᠡᠴᠡᠨ ᠦ ᠡᠰᠢ ᠶᠤᠰᠤᠨ ᠤ ᠦᠵᠡᠯ ᠰᠠᠨᠠᠭ᠎ᠠ ᠪᠤᠯ ᠶᠠᠭ ᠡᠭᠦᠨ ᠢ ᠭᠦᠢᠴᠡᠳ ᠬᠠᠷᠠᠭᠤᠯᠵᠤ ᠪᠠᠢ᠌ᠳᠠᠭ ᠢᠶᠠᠷ ᠲᠡᠭᠦᠨ ᠢ ᠤᠯᠤᠰ ᠲᠦᠷᠦ ᠶᠢᠨ ᠡᠰᠢ ᠶᠤᠰᠤᠨ ᠤ ᠦᠵᠡᠯ ᠰᠠᠨᠠᠭ᠎ᠠ ᠬᠡᠮᠡᠨ ᠦᠵᠡᠵᠡᠢ᠃ ᠲᠤᠰ ᠦᠭᠦᠯᠡᠯ ᠳᠦ ᠂ ᠴᠢᠩᠭᠢᠰ ᠬᠠᠭᠠᠨ ᠤ ᠶᠢᠰᠦᠨ ᠦᠷᠯᠦᠭ ᠦᠨ ᠤᠯᠤᠰ ᠲᠦᠷᠦ ᠶᠢᠨ ᠡᠰᠢ ᠶᠤᠰᠤᠨ ᠤ ᠦᠵᠡᠯ ᠰᠠᠨᠠᠭ᠎ᠠ ᠶᠢ ᠲᠤᠬᠠᠢ ᠶᠢᠨ ᠨᠡᠢ᠌ᠭᠡᠮ ᠦᠨ ᠤᠯᠤᠰ ᠲᠦᠷᠦ᠂ ᠠᠵᠤ ᠠᠬᠤᠢ ᠶᠢᠨ ᠠᠮᠢᠳᠤᠷᠠᠯ ᠲᠠᠢ ᠨᠢᠭᠲᠠ ᠬᠤᠯᠪᠤᠵᠤ᠂ ᠲᠡᠦᠬᠡ ᠶᠢᠨ ᠮᠠᠲ᠋ᠧᠷᠢᠶᠠᠯ ᠢᠶᠠᠷ ᠦᠨᠳᠦᠰᠦ ᠪᠤᠯᠭᠠᠨ ᠨᠡᠯᠢᠶᠡᠳ ᠬᠡᠳᠦᠨ ᠲᠠᠯ᠎ᠠ ᠪᠠᠷ ᠳᠡᠯᠭᠡᠷᠡᠭᠦᠯᠦᠨ ᠲᠤᠭᠠᠴᠢᠪᠠ᠃ ᠲᠠᠩ᠋ᠭᠤᠳᠳᠠᠢ ᠭᠤᠤ᠎ᠠ ᠰᠡᠴᠡᠨ ᠦ ᠤᠯᠤᠰ ᠢ ᠵᠠᠰᠠᠬᠤ ᠶᠤᠰᠤ ᠶᠢᠨ ᠲᠤᠬᠠᠢ ᠬᠠᠮᠢᠶ᠎ᠠ ᠪᠦᠬᠦᠢ ᠦᠭᠦᠯᠡᠯᠲᠡ ᠶᠢ ᠵᠠᠳᠠᠯᠠᠬᠤ ᠪᠠᠷ ᠳᠠᠮᠵᠢᠭᠤᠯᠵᠤ᠂ ᠬᠠᠨ ᠬᠦᠮᠦᠨ ᠦ ᠲᠦᠷᠦ ᠶᠢ ᠵᠠᠰᠠᠵᠤ ᠲᠦᠮᠡᠨ ᠢ ᠠᠮᠤᠷᠵᠢᠭᠤᠯᠬᠤ ᠤᠯᠤᠰ ᠲᠦᠷᠦ ᠶᠢᠨ ᠡᠰᠢ ᠶᠤᠰᠤᠨ ᠤ ᠭᠤᠤᠯᠴᠢ ᠶᠤᠰᠤᠨ ᠤ ᠵᠴᠷᠴᠢᠮ ᠤᠨ ᠦᠪᠡᠷᠮᠢᠴᠡ ᠠᠭᠤᠯᠭ᠎ᠠ ᠶᠢ ᠲᠤᠳᠤᠷᠬᠠᠢ᠌ᠯᠠᠬᠤ ᠪᠠᠷ ᠬᠦᠴᠦᠯᠡᠪᠡ᠃
Original Literature No Original Paper
出自 内蒙古大学学报 1998年 第4期

联系我们


内蒙古大学图书馆
呼和浩特市大学西路235号
中国·内蒙古
P: (0471) 4992561
E: huangfeilong@imu.edu.cn