Title |
《ᠮᠣᠩᠭᠤᠯ ᠤᠨ ᠨᠢᠭᠤᠴᠠ ᠲᠤᠪᠴᠢᠶᠠᠨ》᠋ ᠤ ᠣᠢᠭᠤᠷᠵᠢᠨ ᠮᠣᠩᠭᠤᠯ ᠦᠰᠦᠭ ᠦᠨ ᠤᠤᠯ ᠡᠬᠡ ᠳᠡᠬᠢ ᠣᠨᠴᠤᠭᠤᠢ ᠪᠢᠴᠢᠯᠭᠡᠲᠦ ᠦᠭᠡ ᠡᠴᠡ ᠭᠤᠷᠪᠠ ᠶᠢ ᠰᠡᠷᠭᠦᠭᠡᠨ ᠲᠤᠳᠤᠯᠠᠬᠤ ᠨᠢ |
Creator |
ᠪᠦᠷᠢᠨᠪᠠᠲᠤ |
Keyword |
《ᠮᠣᠩᠭᠤᠯ ᠤᠨ ᠨᠢᠭᠤᠴᠠ ᠲᠤᠪᠴᠢᠶᠠᠨ》᠋ |
Abstract |
ᠲᠤᠰ ᠦᠭᠦᠯᠡᠯ ᠳᠦ ᠂ ᠵᠤᠬᠢᠶᠠᠭᠴᠢ 《ᠮᠣᠩ᠋ᠭᠤᠯ ᠤᠨ ᠨᠢᠭᠤᠴᠠ ᠲᠤᠪᠴᠢᠶᠠᠨ》᠋ ᠢ ᠦᠰᠦᠭ ᠪᠢᠴᠢᠭ᠌ ᠦᠨ ᠤᠬᠠᠭᠠᠨ ᠤ ᠡᠭᠦᠳᠡᠨ ᠡᠴᠡ ᠰᠤᠳᠤᠯᠵᠤ᠂ ᠤᠤᠯ ᠡᠬᠡ ᠶᠢᠨ ᠬᠢᠨᠢ ᠰᠤᠳᠤᠯᠤᠯ ᠤᠨ ᠲᠠᠯ᠎ᠠ ᠪᠠᠷ ᠰᠢᠨ᠎ᠡ ᠵᠠᠮ ᠢ ᠨᠡᠭᠭᠡᠵᠦ᠂ ᠰᠢᠨ᠎ᠡ ᠰᠦᠪᠡᠭ᠍ᠴᠢᠯᠡᠯ ᠭᠠᠷᠭᠠᠨ ᠤᠤᠯ ᠡᠬᠡ ᠳᠡᠬᠢ ᠰᠤᠨᠢᠨ ᠳᠦᠷᠰᠦ ᠲᠡᠢ ᠪᠤᠶᠤ ᠣᠨᠴᠤᠭᠤᠢ ᠪᠢᠴᠢᠯᠭᠡ ᠲᠡᠢ ᠪᠠᠢ᠌ᠭᠰᠠᠨ ᠦᠭᠡᠨ ᠳᠦᠨᠢ ᠬᠦᠷᠲᠡᠯ᠎ᠡ ᠰᠡᠷᠭᠦᠭᠡᠨ ᠲᠤᠳᠤᠯᠠᠬᠤ ᠭᠡᠰᠡᠨ ᠪᠦᠲᠦᠭᠡᠯᠴᠢ ᠣᠷᠤᠯᠳᠤᠯᠭ᠎ᠠ ᠬᠢᠵᠡᠢ᠃ ᠡᠭᠦᠨ ᠢᠶᠡᠨ᠂ ᠣᠢ᠌ᠭᠤᠷᠵᠢᠨ ᠮᠣᠩ᠋ᠭᠤᠯ ᠦᠰᠦᠭ ᠲᠦ ᠯᠡ ᠪᠠᠢ᠌ᠵᠤ ᠪᠤᠯᠳᠠᠭ ᠵᠠᠷᠢᠮ ᠦᠪᠡᠷᠮᠢᠴᠡ ᠣᠨᠴᠠᠯᠢᠭ ᠤᠳ ᠢᠶᠠᠷ ᠪᠠᠷᠢᠮᠲᠠ ᠪᠤᠯᠭᠠᠨ ᠰᠢᠨᠵᠢᠯᠡᠨ ᠢᠯᠡᠷᠡᠭᠦᠯᠵᠦ᠂ ᠪᠠᠲᠤᠯᠠᠨ ᠦᠭᠦᠯᠡᠭᠰᠡᠨ ᠦ ᠬᠠᠮᠲᠤ᠂ 《ᠮᠣᠩ᠋ᠭᠤᠯ ᠤᠨ ᠨᠢᠭᠤᠴᠠ ᠲᠤᠪᠴᠢᠶᠠᠨ》᠋ ᠤ ᠤᠤᠯ ᠡᠬᠡ ᠪᠤᠯ ᠣᠢ᠌ᠵᠢᠭᠤᠷᠵᠢᠨ ᠮᠣᠩ᠋ᠭᠤᠯ ᠦᠰᠦᠭ ᠢᠶᠡᠷ ᠪᠢᠴᠢᠭᠳᠡᠭᠰᠡᠨ ᠨᠢ ᠯᠠᠪᠲᠠᠢ ᠭᠡᠳᠡᠭ ᠢ ᠰᠢᠭᠤᠳᠪᠤᠷᠢᠲᠠᠢ ᠳᠤᠷᠠᠳᠬᠤ ᠵᠤᠷᠢᠯᠲᠠ ᠲᠠᠯᠪᠢᠭᠰᠠᠨ ᠪᠠᠢ᠌ᠨ᠎ᠠ᠃ 《ᠮᠣᠩ᠋ᠭᠤᠯ ᠤᠨ ᠨᠢᠭᠤᠴᠠ ᠲᠤᠪᠴᠢᠶᠠᠨ》᠋ ᠤ ᠬᠢᠲᠠᠳ ᠭᠠᠯᠢᠭᠯᠠᠯ ᠡᠬᠡ ᠪᠡ 《ᠠᠯᠲᠠᠨ ᠲᠤᠪᠴᠢ》᠋ ᠶᠢ ᠬᠠᠷᠢᠴᠠᠭᠤᠯᠤᠨ ᠰᠤᠳᠤᠯᠤᠭᠰᠠᠨ ᠤ ᠳ᠋ᠦᠩ ᠳᠦ ᠵᠢᠩᠭᠢᠨᠢ ᠡᠬᠡ ᠳᠦᠨᠢ 《ᠳᠠᠷᠤᠭᠠᠰ》ᠭᠡᠬᠦ ᠦᠭᠡ ᠶᠢ 《》ᠭᠡᠵᠦ᠂ 《ᠢᠲᠡᠭᠡᠯᠲᠡᠨ》ᠭᠡᠬᠦ ᠦᠭᠡ ᠶᠢ 《》ᠭᠡᠵᠦ᠂ 《ᠨᠡᠮᠦᠷᠭᠡ》ᠭᠡᠬᠦ ᠦᠭᠡ ᠶᠢ 《》ᠭᠡᠵᠦ ᠪᠢᠴᠢᠵᠦ ᠪᠠᠢ᠌ᠭᠰᠠᠨ ᠶᠤᠮ ᠪᠠᠢ᠌ᠨ᠎ᠠ ᠭᠡᠵᠦ ᠰᠡᠷᠭᠦᠭᠡᠨ ᠲᠤᠳᠤᠯᠠᠭᠰᠠᠨ ᠪᠠᠢ᠌ᠨ᠎ᠠ᠃ |
Original Literature |
No Original Paper
|
出自 |
内蒙古大学学报
1994年
第2期
|