Paper Information


Title ᠮᠣᠩᠭᠤᠯᠴᠤᠳ ᠤᠨ ᠤᠯᠠᠮᠵᠢᠯᠯᠠᠲᠤ ᠪᠡᠶ ᠡ ᠲᠠᠮᠢᠷ ᠤᠨ ᠣᠨᠴᠠᠯᠢᠭ ᠤᠨ ᠲᠣᠬᠠᠢ
Creator ᠰᠣᠶᠣᠯᠲᠤ
Keyword ᠮᠣᠩᠭᠤᠯ ᠦᠨᠳᠦᠰᠦᠲᠡᠨ; ᠤᠯᠠᠮᠵᠢᠯᠡᠯᠲᠦ ᠪᠡᠶ ᠡ ᠲᠠᠮᠢᠷ; ᠪᠡᠶ ᠡ ᠲᠠᠮᠢᠷ ᠤᠨ ᠰᠣᠶᠣᠯ; ᠦᠪᠡᠷᠮᠢᠴᠡ ᠣᠨᠴᠯᠢᠭ
Abstract ᠮᠣᠩᠭᠤᠯᠴᠤᠳ ᠤᠨ ᠤᠯᠠᠮᠵᠢᠯᠠᠯᠲᠤ ᠪᠡ ᠡ ᠲᠠᠮᠢᠷ ᠪᠣᠯ ᠮᠣᠩᠭᠤᠯ ᠦᠨᠳᠦᠰᠦᠲᠡᠨ ᠤ ᠲᠡᠦᠬᠡᠨ ᠪᠦᠲᠦᠭᠡᠭᠳᠡᠬᠦᠨ ᠪᠣᠯᠬᠤ ᠪᠦᠭᠡᠳ ᠦᠢᠯᠡᠳᠪᠦᠷᠢᠯᠡᠯ ᠬᠦᠳᠡᠯᠮᠦᠷᠢ ᠪᠠ ᠠᠵᠤ ᠠᠮᠢᠳᠤᠷᠠᠯ ᠤᠨ ᠭᠠᠬᠠᠮᠰᠢᠭᠲᠤ ᠰᠠᠢᠬᠠᠨ ᠰᠣᠶᠣᠯ  ᠤᠨ ᠦᠪ ᠬᠦᠷᠦᠩᠭᠡ ᠮᠦᠨ᠃ᠮᠣᠩᠭᠤᠯᠴᠤᠳ ᠦᠪᠡᠷᠮᠢᠴᠡ ᠣᠨᠴᠠᠯᠢᠭ ᠪᠦᠬᠦᠢ ᠪᠠᠶ ᠠ ᠲᠠᠮᠢᠷ ᠤᠨ ᠬᠦᠳᠠᠯᠭᠡᠭᠡᠨ ᠢ ᠠᠯᠢ ᠡᠷᠲᠡᠨ ᠡᠴᠡ ᠵᠣᠬᠢᠶᠠᠨ ᠪᠦᠲᠦᠭᠡᠭᠰᠡᠨ ᠪᠦᠭᠡᠳ ᠲᠡᠷᠡ ᠨᠢ ᠠᠵᠤ ᠦᠢᠯᠡᠳᠪᠦᠷᠢᠯᠡᠯ ᠤᠨ ᠬᠦᠭᠵᠢᠯᠲᠠ ᠵᠢ ᠲᠠᠭᠠᠯᠳᠤᠨ ᠤᠯᠠᠮ ᠢᠢᠡᠷ ᠪᠠᠶᠠᠯᠢᠭᠵᠢᠨ ᠠᠷᠪᠢᠨ ᠤᠳᠭ ᠠ ᠠᠭᠤᠯᠭ᠎ᠠ ᠲᠠᠢ ᠤᠯᠠᠨ ᠵᠦᠢᠯ ᠤᠨ ᠪᠡᠶ ᠡ ᠲᠠᠮᠢᠷ ᠤᠨ ᠰᠣᠶᠣᠯ ᠪᠣᠯᠵᠤ ᠬᠦᠭᠵᠢᠵᠡᠢ᠃ ᠮᠣᠩᠭᠤᠯᠴᠤᠳ ᠨᠡᠭᠦᠳᠡᠯᠯᠡᠬᠦ᠂ ᠮᠠᠯᠠᠯᠬᠤ ᠵᠡᠷᠭᠡ ᠪᠠᠢᠭᠠᠯᠢ ᠶᠢᠨ ᠡᠷᠭᠡᠰᠢᠶᠡᠯ ᠢᠢᠡᠷ ᠠᠵᠢᠯ ᠤᠨ ᠴᠢᠯᠦᠭᠡ ᠪᠣᠶᠤ ᠦᠢᠯᠡᠳᠪᠦᠷᠢᠯᠡᠯ ᠤᠨ ᠰᠡᠯᠡᠬᠦᠦ ᠪᠠᠨ ᠠᠰᠢᠭᠯᠠᠵᠤ᠂ ᠤᠢᠳᠴᠤ ᠡᠯᠡᠢᠷᠡᠬᠦ ᠡᠴᠡ ᠰᠡᠷᠭᠡᠢᠢᠯᠡᠨ ᠬᠦᠭᠵᠢᠯ ᠨᠡᠮᠡᠵᠦ ᠨᠠᠢᠷᠯᠠᠨ ᠨᠠᠭᠠᠳᠬᠤ ᠵᠣᠷᠢᠯᠭ᠎ᠠ ᠪᠡᠷ ᠤᠯᠠᠮ ᠵᠦᠢᠯ ᠤᠨ ᠪᠡᠶ ᠠ ᠲᠠᠮᠢᠷ ᠤᠨ ᠬᠢᠳᠡᠯᠭᠡᠭᠡᠨ ᠢ ᠵᠣᠬᠢᠶᠠᠵᠤ ᠪᠠᠢᠵᠠᠢ᠃ ᠡᠭᠦᠨ ᠡᠴᠡ ᠦᠵᠡᠬᠦ ᠳ᠋ᠤ᠂ ᠮᠣᠩᠭᠤᠯᠴᠤᠳ ᠤᠨ ᠤᠯᠠᠮᠵᠢᠠᠯᠯᠲᠤ ᠪᠠᠶ ᠠ ᠲᠠᠮᠢᠷ ᠪᠣᠯ ᠮᠣᠩᠭᠤᠯ ᠦᠨᠳᠦᠰᠦᠲᠡᠨ ᠤ ᠤᠷᠲᠤ ᠤᠳᠠᠭᠠᠨ ᠪᠠ ᠲᠦᠭᠦᠮ ᠪᠣᠷᠤᠭᠵᠢᠭᠤᠨ ᠠᠵᠤ ᠠᠮᠢᠳᠤᠷᠠᠯ ᠤᠨ ᠣᠷᠴᠢᠨ ᠠᠬᠤᠢ ᠲᠤᠮᠲᠠ ᠡᠭᠦᠳᠦᠨ ᠪᠦᠲᠦᠭᠡᠭᠰᠡᠨ ᠵᠦᠢᠯᠡᠰ ᠪᠣᠯᠬᠤ ᠪᠦᠭᠡᠳ ᠲᠡᠷᠡ ᠨᠢ ᠤᠳᠤ ᠪᠣᠯᠲᠠᠯ ᠠ ᠦᠪᠡᠷᠮᠢᠴᠡ ᠣᠨᠴᠠᠯᠢᠭ ᠪᠦᠬᠦᠢ ᠦᠩᠬᠡ ᠬᠢᠯᠪᠠᠭ᠎ᠠ ᠪᠠᠨ ᠬᠠᠳᠠᠭᠠᠯᠠᠵᠤ᠂ ᠬᠦᠮᠦᠨ ᠲᠦᠷᠦᠯᠬᠢᠲᠡᠨ ᠤ ᠪᠡᠶ ᠡ ᠰᠡᠳᠬᠢᠴᠡ ᠶᠢᠨ ᠬᠦᠭᠵᠢᠯᠲᠡ ᠳ᠋ᠤ ᠣᠨᠴᠠᠭᠠᠢ ᠦᠢᠯᠡᠳᠦᠯ ᠲᠠᠢ ᠪᠡᠶ ᠡ ᠲᠠᠮᠢᠷ ᠤᠨ ᠬᠦᠳᠡᠯᠭᠡᠭᠡᠨ ᠪᠣᠯᠵᠤ ᠪᠠᠢᠬᠤ ᠶᠣᠮ᠃ ᠮᠣᠩᠭᠤᠯᠴᠤᠳ ᠤᠨ ᠤᠯᠠᠮᠵᠢᠠᠯᠯᠲᠤ ᠪᠡᠶ ᠡ ᠲᠠᠮᠢᠷ ᠨᠢ ᠦᠨᠳᠦᠰᠦᠲᠡᠨ ᠤ ᠴᠢᠨᠠᠷ᠂ ᠤᠷᠤᠨ ᠤᠨᠲᠤᠭ ᠤᠨ ᠴᠢᠨᠠᠷ᠂ ᠰᠣᠶᠣᠯ ᠤᠨ ᠴᠢᠨᠠᠷ; ᠪᠠᠶᠠᠷ ᠤᠨ ᠡᠳᠦᠷ ᠪᠣᠯᠤᠨ ᠪᠠᠶ ᠠ ᠲᠠᠮᠢᠷ ᠤᠶᠠᠯᠳᠤᠭᠰᠠᠨ ᠴᠢᠨᠠᠷ᠂ ᠴᠡᠷᠢᠭ ᠵᠡᠪᠰᠡᠭᠲᠦ ᠴᠢᠨᠠᠷ ᠪᠠ ᠤᠷᠤᠯᠳᠤᠭᠠᠨᠲᠤ ᠴᠢᠠᠨᠷ ᠤᠨ ᠣᠨᠴᠠᠯᠢᠭ ᠲᠠᠢ ᠪᠠᠢᠳᠠᠭ᠃
Original Literature View Original Paper
出自 内蒙古师范大学学报 2010年 第2期

联系我们


内蒙古大学图书馆
呼和浩特市大学西路235号
中国·内蒙古
P: (0471) 4992561
E: huangfeilong@imu.edu.cn