Paper Information


Title ᠮᠡᠷᠭᠡᠳ ᠠᠢ᠌ᠮᠠᠭ ᠵᠦᠷᠴᠢᠨ ᠦᠨᠳᠦᠰᠦᠲᠡᠨ ᠡᠴᠡ ᠡᠭᠦᠰᠦᠯᠲᠡᠢ ᠪᠠᠢ᠌ᠭᠰᠠᠨ ᠢ ᠦᠭᠦᠯᠡᠬᠦ ᠨᠢ
Creator ᠵᠢᠨ ᠭᠠᠩ
Keyword ᠮᠡᠷᠭᠡᠳ; ᠵᠦᠷᠴᠢᠨ; ᠵᠦᠴᠢ; ᠰᠤᠯᠤᠩ᠋ᠭᠤᠰ; ᠰᠤᠯᠤᠨ; ᠤᠸᠠᠰ; ᠡᠸᠡᠩᠭᠢ
Abstract ᠵᠬᠢᠶᠠᠭᠴᠢ ᠠᠴᠠ ᠤᠤᠯ ᠤᠨ ᠨᠡᠢ᠌ᠲᠡᠯᠡᠭᠰᠡᠨ ᠬᠤᠯᠪᠤᠭᠳᠠᠯ ᠪᠦᠬᠦᠢ ᠦᠭᠦᠯᠡᠯ ᠦᠨ ᠢᠶᠡᠨ ᠰᠠᠭᠤᠷᠢᠨ ᠳᠡᠭᠡᠷ᠎ᠡ ᠬᠡᠯᠡ ᠰᠢᠨᠵᠢᠯᠡᠯ ᠬᠢᠭᠡᠳ ᠲᠡᠦᠬᠡᠨ ᠰᠢᠨᠵᠢᠯᠡᠯ ᠦᠨ ᠡᠭᠦᠳᠡᠨ ᠡᠴᠡ ᠮᠡᠷᠭᠡᠳ ᠠᠢ᠌ᠮᠠᠭ ᠪᠤᠯ ᠵᠦᠷᠴᠢᠨ ᠦᠨᠳᠦᠰᠦᠲᠡᠨ ᠡᠴᠡ ᠡᠭᠦᠰᠦᠯᠲᠡᠢ ᠭᠡᠬᠦ ᠦᠵᠡᠯᠲᠡ ᠪᠡᠨ ᠳᠠᠬᠢᠨᠲᠠ ᠠᠷᠪᠠᠨ ᠵᠢᠷᠭᠤᠭᠠᠨ ᠲᠠᠯ᠎ᠠ ᠪᠠᠷ ᠪᠠᠲᠤᠯᠠᠨ ᠦᠭᠦᠯᠡᠪᠡ᠃ ᠭᠡᠬᠦ ᠳᠡᠭᠡᠨ᠂ ᠤᠷᠢᠳᠠᠪᠠᠷ ᠡᠷᠲᠡᠨ ᠦ ᠵᠦᠷᠴᠢᠨ ᠦᠨᠳᠦᠰᠦᠲᠡᠨ ᠦ ᠡᠦ ᠵᠢᠢ᠂ ᠮᠦᠸᠧ ᠾᠧ ᠭᠡᠬᠦ ᠨᠡᠷ᠎ᠡ ᠨᠢ 《ᠮᠡᠷᠭᠡᠳ》ᠭᠡᠬᠦ ᠨᠡᠷ᠎ᠡ ᠶᠢᠨ ᠠᠪᠢᠶᠠᠴᠢᠯᠠᠭᠰᠠᠨ ᠲᠡᠮᠳᠡᠭᠯᠡᠯ ᠪᠠᠢ᠌ᠭᠰᠠᠨ ᠠᠰᠠᠭᠤᠳᠠᠯ ᠢ ᠲᠤᠳᠤᠯᠵᠤ᠂ ᠳᠠᠷᠠᠭ᠎ᠠ ᠨᠢ 《ᠮᠡᠷᠭᠡᠳ》(ᠮᠡᠷᠭᠡᠨ) ᠬᠢᠭᠡᠳ 《ᠵᠦᠷᠴᠢᠳ》(ᠵᠦᠷᠴᠢᠨ᠂ ᠵᠦᠷᠴᠢ᠂ ᠵᠦᠴᠢ) ᠭᠡᠬᠦ ᠬᠤᠶᠠᠷ ᠨᠡᠷ᠎ᠡ ᠶᠢ ᠢᠵᠢᠯ ᠤᠳᠬ᠎ᠠ ᠪᠠᠷ ᠰᠤᠯᠢᠪᠴᠠᠨ ᠬᠡᠷᠡᠭᠯᠡᠬᠦ ᠪᠠᠢ᠌ᠭᠰᠠᠨ ᠪᠠᠢ᠌ᠳᠠᠯ᠂ ᠵᠢᠴᠢ 《ᠨᠢᠭᠤᠴᠠ ᠲᠤᠪᠴᠢᠶᠠᠨ》᠋ ᠳᠤ ᠲᠡᠮᠳᠡᠭᠯᠡᠭᠰᠡᠨ 《ᠤᠸᠠᠰ ᠮᠡᠷᠭᠡᠳ》ᠬᠢᠭᠡᠳ 《ᠭᠤᠷᠪᠠᠨ ᠮᠡᠷᠭᠡᠳ》ᠭᠡᠭ᠍ᠴᠢ ᠶᠢ 《ᠡᠷᠳᠡᠨᠢ ᠶᠢᠨ ᠲᠤᠪᠴᠢ》ᠵᠡᠷᠭᠡ ᠲᠤᠯᠭᠤᠷ ᠪᠢᠴᠢᠭ᠌ ᠲᠦ ᠲᠤᠰᠪᠤᠷᠢ 《ᠰᠤᠯᠤᠩ᠋ᠭᠤᠰ ᠮᠡᠷᠭᠡᠳ》ᠪᠡ 《ᠭᠤᠷᠪᠠᠨ ᠮᠤᠵᠢ ᠰᠤᠯᠤᠩ᠋ᠭᠤᠰ》ᠬᠡᠮᠡᠨ ᠲᠡᠮᠳᠡᠭᠯᠡᠵᠦ ᠪᠠᠢ᠌ᠭ᠎ᠠ ᠪᠠᠢ᠌ᠳᠠᠯ ᠢ ᠵᠠᠳᠠᠯᠤᠨ ᠰᠢᠨᠵᠢᠭᠡᠳ ᠭᠤᠷᠪᠠᠨ ᠮᠡᠷᠭᠡᠳ ᠪᠤᠯ ᠶᠠᠭ ᠵᠦᠷᠴᠢᠳ ᠪᠤᠶᠤ ᠰᠤᠯᠤᠭᠴᠤᠳ ᠠᠴᠠ ᠡᠭᠦᠰᠦᠯ ᠲᠡᠢ ᠠᠢ᠌ᠮᠠᠭ ᠤᠭᠰᠠᠭᠠᠲᠠᠨ ᠪᠠᠢ᠌ᠵᠤ᠂ ᠤᠸᠠᠰ ᠮᠡᠷᠭᠡᠳ ᠨᠢ ᠣᠳᠣᠬᠢ ᠡᠸᠡᠩᠭᠢ ᠦᠨᠳᠦᠰᠦᠲᠡᠨ ᠦ ᠳᠡᠭᠡᠳᠦᠰ ᠪᠠᠢ᠌ᠪᠠ ᠬᠡᠮᠡᠨ ᠪᠠᠲᠤᠯᠠᠨ ᠦᠭᠦᠯᠡᠪᠡ᠃
Original Literature View Original Paper
出自 内蒙古社会科学(蒙文版) 2005年 第4期

联系我们


内蒙古大学图书馆
呼和浩特市大学西路235号
中国·内蒙古
P: (0471) 4992561
E: huangfeilong@imu.edu.cn