Paper Information


Title ᠬᠠᠰᠪᠤ ᠶᠢᠨ ᠵᠤᠬᠢᠶᠠᠯ ᠤᠨ ᠦᠢᠯᠡ ᠶᠠᠪᠤᠳᠠᠯ ᠦᠭᠦᠯᠡᠮᠵᠢ ᠳᠤ ᠪᠦᠷᠢᠯᠳᠦᠭᠰᠡᠨ ᠭᠤᠣ᠎ᠠ ᠰᠠᠢ᠌ᠬᠠᠨ ᠤ ᠦᠵᠡᠯᠳᠡ
Creator ᠰ • ᠤᠳᠬᠤᠨᠪᠠᠶᠠᠷ
Keyword ᠬᠠᠰᠪᠤ; 《ᠰᠢᠨ᠎ᠡ ᠤᠷᠴᠢᠭᠤᠯᠤᠯᠭᠰᠠᠨ ᠬᠤᠩ ᠯᠸᠦ ᠮᠸᠩ ᠪᠢᠴᠢᠭ᠌》; ᠴᠤᠬᠤᠯᠠᠪᠤᠷᠢ; ᠤᠷᠠᠨ; ᠭᠠᠢ᠌ᠬᠠᠯᠳᠠᠢ; ᠭᠤᠣ᠎ᠠ ᠰᠠᠢ᠌ᠬᠠᠨ
Abstract ᠦᠭᠦᠯᠡᠯ ᠳᠤ ᠬᠠᠰᠪᠤ ᠶᠢᠨ ᠵᠤᠬᠢᠶᠠᠯ ᠤᠨ ᠦᠢᠯᠡ ᠶᠠᠪᠤᠳᠠᠯ ᠦᠭᠦᠯᠡᠮᠵᠢ ᠳᠤ ᠪᠦᠷᠢᠯᠳᠦᠭᠰᠡᠨ ᠭᠤᠣ᠎ᠠ ᠰᠠᠢ᠌ᠬᠠᠨ ᠤ ᠦᠵᠡᠯᠳᠡ ᠪᠤᠯ《ᠤᠷᠠᠨ》᠂《ᠭᠠᠢ᠌ᠬᠠᠯᠳᠠᠢ》ᠭᠡᠬᠦ ᠦᠵᠡᠯᠳᠡ ᠪᠤᠯᠤᠨ᠎ᠠ ᠭᠡᠬᠦ ᠡᠷᠳᠡᠮ ᠰᠢᠨᠵᠢᠯᠡᠭᠡᠨ ᠤ ᠦᠨ᠎ᠡ ᠴᠡᠨ᠎ᠡ ᠪᠦᠬᠦᠢ ᠦᠵᠡᠯᠳᠡ ᠶᠢ ᠲᠡᠪᠰᠢᠭᠦᠯᠵᠡᠢ᠃ ᠭᠡᠬᠦ ᠳ᠋ᠡᠭᠡᠨ ᠵᠤᠬᠢᠶᠠᠭᠴᠢ ᠡᠴᠡ ᠬᠠᠰᠪᠤ ᠶᠢᠨ《ᠰᠢᠨ᠎ᠡ ᠤᠷᠴᠢᠭᠤᠯᠤᠭᠰᠠᠨ ᠬᠤᠩ ᠯᠸᠦ ᠮᠸᠩ ᠪᠢᠴᠢᠭ᠌》 ᠤᠨ ᠤᠷᠤᠰᠢᠯ ᠳᠤ ᠢᠯᠡᠷᠡᠭᠰᠡᠨ《ᠤᠳᠬ᠎ᠠ ᠤᠶᠠᠩᠭ᠋᠎ᠠ ᠶᠢᠨ ᠤᠷᠠᠨ》᠂《ᠤᠳᠬ᠎ᠠ ᠤᠶᠠᠩᠭ᠋᠎ᠠ ᠶᠢᠨ ᠭᠠᠢ᠌ᠬᠠᠯᠳᠠᠢ》ᠭᠡᠬᠦ ᠵᠠᠩᠭᠢᠯᠠᠭ᠎ᠠ ᠦᠭᠡᠰ ᠶᠢᠡᠷ ᠰᠢᠨᠵᠢᠯᠡᠭᠡᠨ ᠤ ᠭᠤᠤᠯ ᠬᠠᠷᠠᠭᠠᠰᠤ ᠪᠤᠯᠭᠠᠵᠤ᠂ ᠡᠭᠦᠨ ᠤ ᠤᠯᠠᠮ ᠡᠴᠡ ᠬᠠᠰᠪᠤ ᠶᠢᠨ ᠵᠤᠬᠢᠶᠠᠯ ᠤᠨ ᠦᠢᠯᠡ ᠶᠠᠪᠤᠳᠠᠯ ᠦᠭᠦᠯᠡᠮᠵᠢ ᠪᠡᠷ ᠢᠯᠡᠷᠡᠭᠰᠡᠨ ᠤᠷᠠᠨ ᠵᠤᠬᠢᠶᠠᠯ ᠤᠨ ᠲᠤᠳᠤᠭᠠᠳᠤ ᠬᠠᠤᠯᠢ᠂ ᠤᠷᠠᠨ ᠵᠤᠬᠢᠶᠠᠯ ᠤᠨ ᠭᠠᠳᠠᠭᠠᠳᠤ ᠬᠦᠷᠳᠡᠮᠵᠢ ᠳᠤ ᠪᠤᠯᠤᠭᠰᠠᠨ ᠤᠳᠬ᠎ᠠ ᠵᠤᠬᠢᠶᠠᠯ ᠤᠨ ᠦᠵᠡᠯᠳᠡ ᠶᠢ ᠰᠢᠰᠲ᠋ᠸᠮ ᠲᠠᠢ᠂ ᠨᠠᠷᠢᠯᠢᠭ᠍᠍᠌᠍᠌᠋᠋᠋᠍ ᠂ ᠭᠦᠨᠵᠡᠭᠡᠢ ᠠᠵᠢᠭᠯᠠᠵᠤ᠂ ᠲᠡᠭᠦᠨ ᠤ ᠭᠤᠣ᠎ᠠ ᠰᠠᠢ᠌ᠬᠠᠨ ᠤ ᠦᠵᠡᠯᠳᠡ ᠶᠢ ᠨᠢ ᠰᠢᠷᠭᠠᠭᠠᠨ ᠢᠯᠡᠷᠡᠭᠦᠯᠬᠦ ᠪᠡᠷ ᠰᠠᠨᠠᠭᠠᠰᠢᠷᠠᠭᠰᠠᠨ ᠪᠠᠢ᠌ᠨ᠎ᠠ᠃ ᠬᠠᠰᠪᠤ ᠶᠢᠨ《ᠤᠷᠠᠨ》᠂《ᠭᠠᠢ᠌ᠬᠠᠯᠳᠠᠢ》 ᠶᠢᠨ ᠭᠡᠬᠦ ᠭᠤᠣ᠎ᠠ ᠰᠠᠢ᠌ᠬᠠᠨ ᠤ ᠦᠵᠡᠯᠳᠡ ᠨᠢ ᠲᠤᠰᠠᠭᠠᠷ ᠤᠷᠤᠰᠢᠬᠤᠢ ᠪᠢᠰᠢ᠂ ᠬᠠᠷᠢᠨ ᠨᠢᠭᠡᠳᠦᠮᠡᠯ ᠤᠷᠤᠰᠢᠬᠤᠢ ᠶᠤᠮ᠃ ᠲᠡᠷᠡ ᠨᠢ ᠵᠦᠪᠬᠡᠨ ᠨᠢᠭᠡ ᠦᠭᠦᠯᠡᠮᠵᠢ ᠶᠢᠨ ᠬᠤᠶᠠᠷ ᠲᠠᠯ᠎ᠠ᠂ ᠪᠤᠰᠤᠳᠴᠢ ᠤᠪᠤᠷ ᠪᠠ ᠪᠡᠶᠡᠴᠢ ᠤᠪᠤᠷ ᠶᠢᠡᠷ ᠢᠯᠭᠠᠭᠳᠠᠨ᠎ᠠ᠃《ᠤᠷᠠᠨ》ᠪᠠ 《ᠭᠠᠢ᠌ᠬᠠᠯᠳᠠᠢ》 ᠶᠢᠨ ᠲᠤᠷᠠᠳᠤᠯᠳᠠ ᠨᠢ ᠬᠠᠷᠢᠯᠴᠠᠨ ᠨᠦᠬᠦᠪᠦᠷᠢᠯᠡᠵᠦ᠂ ᠬᠠᠷᠢᠯᠴᠠᠨ ᠠᠬᠢᠭᠤᠯᠤᠨ ᠭᠦᠨᠵᠡᠭᠡᠢ᠌ᠷᠡᠭᠡᠳ ᠬᠠᠰᠪᠤ ᠶᠢᠨ ᠭᠤᠣ᠎ᠠ ᠰᠠᠢ᠌ᠬᠠᠨ ᠤ ᠦᠵᠡᠯᠳᠡ ᠶᠢ ᠲᠡᠭᠦᠰ ᠰᠠᠢ᠌ᠬᠠᠨ ᠪᠦᠷᠢᠯᠳᠦᠭᠦᠯᠪᠡ ᠭᠡᠵᠦ ᠦᠵᠡᠵᠡᠢ᠃
Original Literature No Original Paper
出自 内蒙古社会科学(蒙文版) 2001年 第2期

联系我们


内蒙古大学图书馆
呼和浩特市大学西路235号
中国·内蒙古
P: (0471) 4992561
E: huangfeilong@imu.edu.cn