Paper Information


Title ᠬᠠᠢ᠌ᠯᠠᠷ ᠲᠠᠭᠤᠷᠴᠤᠳ ᠪᠠ ᠡᠮᠦᠨ᠎ᠡ ᠠᠢ᠌ᠯ ᠤᠨ ᠪᠦᠷᠢᠯᠳᠦᠭᠰᠡᠨ ᠨᠢ
Creator ᠵᠠᠩ ᠲᠠᠨ᠎ᠠ
Keyword ᠬᠠᠢ᠌ᠯᠠᠷ; ᠲᠠᠭᠤᠷ; ᠡᠮᠦᠨ᠎ᠡ ᠠᠢ᠌ᠯ
Abstract ᠨᠠᠢ᠌ᠷᠠᠯᠳᠤ ᠲᠦᠪ ᠤᠨ ᠠᠷᠪᠠᠳᠤᠭᠠᠷ ᠤᠨ(1732) ᠳᠤ ᠂ ᠴᠢᠩ ᠤᠯᠤᠰ ᠤᠨ ᠵᠠᠰᠠᠭ ᠤᠨ ᠭᠠᠵᠠᠷ ᠤᠨ ᠬᠢᠯᠢ ᠬᠠᠮᠠᠭᠠᠯᠠᠬᠤ ᠬᠡᠷᠡᠭᠴᠡᠭᠡᠨ ᠡᠴᠡ ᠨᠢᠭᠡ ᠪᠦᠯᠦᠭ ᠲᠠᠭᠤᠷᠴᠤᠳ ᠪᠤᠳᠬ᠎ᠠ ᠤᠷᠤᠨ ᠡᠴᠡ ᠬᠢᠩᠭ᠋ᠠᠨ ᠲᠠᠪᠠᠭᠠᠨ ᠤ ᠪᠠᠷᠠᠭᠤᠨᠳᠠᠬᠢ ᠬᠦᠯᠦᠨ ᠪᠤᠢ᠌ᠷ  ᠲᠤ ᠨᠡᠭᠦᠳᠡᠯᠯᠡᠨ ᠢᠷᠡᠵᠦᠮ᠂ ᠲᠡᠭᠷᠢ ᠶᠢᠨ ᠲᠡᠳᠭᠦᠭ᠍ᠰᠡᠨ ᠤ ᠲᠤᠯᠤᠳᠤᠭᠠᠷ ᠤᠨ(1742) ᠳᠤ ᠲᠠᠬᠢᠨ ᠤᠭ ᠨᠤᠳᠤᠭ ᠪᠤᠳᠬ᠎ᠠ ᠤᠷᠤᠨ ᠳᠠᠭᠠᠨ ᠡᠭᠡᠨ ᠪᠤᠴᠠᠭᠰᠠᠨ ᠪᠠᠢ᠌ᠨ᠎ᠠ᠃ ᠲᠤᠬᠠᠢ᠎ ᠶᠢᠨ ᠦᠶ᠎ᠡ ᠳᠤ ᠭᠤᠪᠤᠯ ᠬᠠᠯᠠ ᠶᠢᠨ ᠬᠦᠢᠰᠦ᠂ ᠠᠭᠤᠯᠠ ᠬᠠᠯᠠ ᠶᠢᠨ ᠹᠠᠨᠴᠠᠨᠪᠤᠤ ᠪᠢᠴᠢᠭᠡᠴᠢ ᠶᠢᠨ ᠲᠤᠰᠢᠶᠠᠯ ᠬᠠᠷᠢᠭᠤᠴᠠᠵᠤ ᠪᠠᠢ᠌ᠭᠰᠠᠨ ᠡᠴᠡ ᠬᠦᠯᠦᠨ ᠪᠤᠢ᠌ᠷ ᠲᠤ ᠦᠯᠡᠳᠡᠨ ᠨᠤᠳᠤᠭᠰᠢᠵᠠᠢ᠃ ᠰᠡᠭᠦᠯᠡᠷ ᠨᠢ ᠮᠸᠷᠳ᠋ᠸᠩ ᠬᠠᠯᠠ ᠶᠢᠨ ᠵᠦᠱᠠᠨ ᠨᠡᠭᠦᠳᠡᠯᠯᠡᠨ ᠢᠷᠡᠭᠰᠡᠨ ᠤ ᠲᠠᠷᠠᠭ᠎ᠠ᠂ ᠬᠠᠢ᠌ᠯᠠᠷ ᠤᠷᠤᠨ ᠳᠤ ᠭᠤᠪᠤᠯ᠂ ᠠᠭᠤᠯᠠ᠂ ᠮᠸᠷᠳ᠋ᠸᠩ ᠭᠤᠷᠪᠠᠨ ᠬᠠᠯᠠ ᠪᠡᠷ ᠭᠤᠤᠯᠯᠠᠭᠰᠠᠨ ᠬᠠᠢ᠌ᠯᠠᠷ ᠲᠠᠭᠤᠷ ᠪᠦᠷᠢᠯᠳᠦᠵᠦ᠂ ᠦᠶ᠎ᠡ ᠤᠯᠠᠷᠢᠨ ᠬᠠᠢ᠌ᠯᠠᠷ ᠤᠷᠤᠨ ᠳᠤ ᠰᠠᠭᠤᠷᠢᠰᠢᠵᠠᠢ᠃ ᠡᠳᠦᠭᠡ ᠲᠡᠳᠡ ᠭᠤᠤᠯᠳᠠᠭᠤ ᠬᠦᠯᠦᠨ ᠪᠤᠢ᠌ᠷ ᠤᠨ ᠡᠸᠩᠬᠢ ᠦᠪᠡᠷᠳᠡᠭᠡᠨ ᠵᠠᠰᠠᠬᠤ ᠬᠤᠰᠢᠭᠤᠨ ᠤ ᠡᠮᠦᠨ᠎ᠡ ᠠᠢ᠌ᠯ ᠪᠠ ᠪᠠᠶᠠᠨᠴᠠᠭᠠᠨ ᠰᠤᠮᠤ ᠶᠢᠨ ᠮᠦᠭᠡᠷᠳᠦ ᠲᠤᠰᠬᠤᠨ ᠳᠤ ᠲᠦᠪᠯᠡᠷᠡᠨ ᠰᠠᠭᠤᠵᠤ ᠪᠤᠢ᠃
Original Literature View Original Paper
出自 内蒙古社会科学(蒙文版) 2013年 第3期

联系我们


内蒙古大学图书馆
呼和浩特市大学西路235号
中国·内蒙古
P: (0471) 4992561
E: huangfeilong@imu.edu.cn