Paper Information


Title ᠮᠣᠩᠭ᠋ᠤᠯ ᠬᠡᠯᠡ ᠰᠢᠨᠵᠢᠯᠡᠯ ᠦᠨ ᠲᠡᠦᠬᠡᠨ ᠤᠯᠠᠮᠵᠢᠯᠠᠯ ᠪᠠ ᠣᠨᠣᠯ ᠤᠨ ᠦᠨᠳᠦᠰᠦ
Creator 〔ᠮᠣᠩᠭ᠋ᠤᠯ〕 ᠳ᠋ · ᠲᠡᠮᠦᠷᠲᠤᠭᠤᠭ᠎ᠠ
Keyword
Abstract ᠲᠤᠰ ᠦᠭᠦᠯᠡᠯ ᠳᠦ ᠮᠣᠩᠭ᠋ᠤᠯ ᠬᠡᠯᠡ ᠰᠢᠨᠵᠢᠯᠡᠯ ᠦᠨ ᠲᠡᠦᠬᠡᠨ ᠤᠯᠠᠮᠵᠢᠯᠠᠯ ᠪᠠ ᠲᠡᠭᠦᠨ ᠦ ᠣᠨᠣᠯ ᠤᠨ ᠦᠨᠳᠦᠰᠦᠯᠡᠯ ᠳᠦ ᠬᠤᠯᠪᠤᠭᠳᠠᠬᠤ ᠠᠰᠠᠭᠤᠳᠠᠯ ᠢ ᠲᠡᠦᠬᠡᠨ ᠣᠨ ᠳᠠᠷᠠᠭᠠᠯᠠᠯ ᠢᠶᠠᠷ ᠨᠢ ᠨᠡᠢ᠌ᠲᠡ ᠠᠷᠪᠠᠨ ᠳᠤᠯᠤᠭᠠᠨ ᠬᠡᠰᠡᠭ ᠲᠦ ᠬᠤᠪᠢᠶᠠᠨ ᠰᠢᠨᠵᠢᠯᠡᠵᠡᠢ᠃ ᠲᠡᠳᠡᠭᠡᠷ ᠢ ᠲᠤᠪᠴᠢᠯᠠᠨ ᠦᠭᠦᠯᠡᠪᠡᠯ᠄ ᠡᠮᠦᠨᠡᠬᠢ ᠦᠭᠡ; 9 - 10᠋ ᠳᠤᠭᠠᠷ ᠵᠠᠭᠤᠨ ᠤ ᠦᠶ᠎ᠡ ᠪᠡᠷ ᠮᠣᠩ᠋ᠭ᠋ᠤᠯᠴᠤᠳ ᠰᠤᠭᠲᠠ ᠭᠠᠷᠤᠯ ᠲᠠᠢ ᠣᠢ᠌ᠭᠤᠷ ᠦᠰᠦᠭ ᠢ ᠠᠪᠴᠤ ᠬᠡᠷᠡᠭᠯᠡᠭᠰᠡᠨ ᠲᠤᠬᠠᠢ; 12 - 17᠋ ᠳᠤᠭᠠᠷ ᠵᠠᠭᠤᠨ ᠤ ᠡᠬᠢᠨ ᠬᠦᠷᠲᠡᠯᠡᠬᠢ ᠭᠦᠩᠭ᠋ᠠᠯᠵᠠᠯᠽᠠᠨ᠂ ᠫᠠᠭᠪᠠ ᠯᠠᠮᠠ ᠯᠤᠳᠤᠢ᠌ᠵᠠᠯᠽᠠᠨ᠂ ᠴᠤᠢ᠌ᠵᠢᠨ᠋ᠤᠳᠰᠠᠷ ᠨᠠᠷ ᠬᠢᠭᠡᠳ ᠲᠡᠳᠡᠨ ᠦ ᠵᠤᠬᠢᠶᠠᠯ ᠪᠦᠲᠦᠭᠡᠯ ᠦᠨ ᠲᠤᠬᠠᠢ ᠰᠢᠨᠵᠢᠯᠡᠭᠡ; 16 - 17᠋ ᠳᠤᠭᠠᠷ ᠵᠠᠭᠤᠨ ᠤ ᠦᠶ᠎ᠡ ᠶᠢᠨ ᠰᠢᠷᠠᠪᠰᠡᠩᠭᠡ᠂ ᠬᠦᠦᠰᠢ ᠴᠤᠷᠵᠢ᠂ ᠳ᠋ᠠᠢ ᠬᠦᠦᠰᠢ ᠠᠭᠸᠠᠩᠳᠠᠮᠫᠢᠯ᠂ ᠴᠤᠷᠵᠢ ᠳᠠᠭᠪᠠᠳᠠᠷᠵᠠ᠂ ᠯᠤᠪᠤᠩ ᠰᠤᠨᠤᠮᠵᠠᠮᠰᠤ᠂ ᠵᠠᠶ᠎ᠠ ᠪᠠᠨᠳᠢᠳᠠ ᠨᠠᠮᠬᠠᠢ᠌ᠵᠠᠮᠰᠤ ᠨᠠᠷ ᠬᠢᠭᠡᠳ ᠮᠣᠩᠭ᠋ᠤᠯᠴᠤᠳ ᠡᠷᠲᠡᠨ ᠦ ᠡᠨᠡᠳᠬᠡᠭ᠌ ᠦᠨ ᠬᠡᠯᠡ ᠰᠢᠨᠵᠢᠯᠡᠯ ᠦᠨ ᠰᠤᠩ᠋ᠭᠤᠳᠠᠭ ᠪᠦᠲᠦᠭᠡᠯ ᠦᠳ ᠲᠡᠢ ᠲᠠᠨᠢᠯᠴᠠᠭᠰᠠᠨ ᠨᠢ; 18 - 19 ᠋ ᠳᠦᠭᠡᠷ ᠵᠠᠭᠤᠨ ᠤ ᠦᠶ᠎ᠡ ᠶᠢᠨ ᠳᠠᠨᠵᠢᠨᠳᠠᠭᠪᠠ᠂ ᠪᠢᠯᠢᠭ᠌ ᠦᠨ ᠳᠠᠯᠠᠢ᠂ ᠠᠭᠸᠠᠩᠳᠠᠨᠳᠠᠷ᠂ ᠳᠠᠭᠪᠱᠢᠷᠠᠪ᠂ ᠲᠤᠭᠲᠠᠬᠤ ᠲᠦᠷᠦ᠂ ᠨᠤᠮᠤᠲᠤ ᠶᠢᠨ ᠷᠢᠨᠴᠢᠨ᠂ ᠳᠡᠯᠢᠭ᠍ᠵᠤᠩᠨᠠᠢ᠂ ᠨᠠᠨᠵᠠᠳᠳᠤᠷᠵᠢ᠂ ᠲᠦᠮᠡᠳ ᠭᠠᠯᠰᠠᠩ ᠨᠠᠷ ᠤᠨ ᠵᠡᠭᠡ ᠡᠷᠳᠡᠮᠲᠡᠳ ᠦᠨ ᠵᠤᠬᠢᠶᠠᠯ ᠪᠦᠲᠦᠭᠡᠯ ᠦᠳ ᠦᠨ ᠳᠡᠯᠭᠡᠷᠡᠩᠭᠦᠢ ᠰᠢᠨᠵᠢᠯᠡᠭᠡ; 20 ᠋ ᠳᠤᠭᠠᠷ ᠵᠠᠭᠤᠨ ᠤ ᠵᠠᠩᠭᠢ ᡀᠠᠮᠤᠰᠦ᠋ᠷᠦᠩ ᠡᠴᠡ ᠪᠠᠭᠰᠢ ᠱᠠᠭᠵᠠ ᠬᠦᠷᠲᠡᠯᠡᠬᠢ ᠠᠷᠪᠠᠨ ᠭᠤᠷᠪᠠᠨ ᠬᠦᠮᠦᠨ ᠦ ᠵᠤᠬᠢᠶᠠᠯ ᠪᠦᠲᠦᠭᠡᠯ ᠢ ᠵᠠᠳᠠᠯᠤᠨ ᠰᠢᠨᠵᠢᠯᠡᠭᠰᠡᠨ ᠪᠠ ᠡᠴᠦᠰ ᠲᠦ ᠮᠣᠩᠭ᠋ᠤᠯ ᠬᠡᠯᠡ ᠰᠢᠨᠵᠢᠯᠡᠯ ᠦᠨ ᠬᠠᠭᠤᠴᠢᠨ ᠤᠯᠠᠮᠵᠢᠯᠠᠯ ᠪᠤᠯ ᠡᠨᠡᠳᠬᠡᠭ᠌᠂ ᠲᠦᠪᠡᠳ ᠬᠡᠯᠡ ᠰᠢᠨᠵᠢᠯᠡᠯ ᠦᠨ ᠨᠦᠯᠦᠭᠡ ᠶᠢ ᠬᠦᠷᠲᠡᠭᠰᠡᠨ ᠳᠤᠷᠤᠨᠠᠳᠠᠬᠢᠨ ᠤ ᠬᠡᠯᠡ ᠰᠢᠨᠵᠢᠯᠡᠯ ᠦᠨ ᠰᠠᠯᠤᠰᠢ ᠦᠭᠡᠢ ᠪᠦᠷᠢᠯᠳᠦᠭᠦᠨ ᠮᠦᠨ ᠭᠡᠬᠦ ᠳ᠋ᠦᠩᠨᠡᠯᠲᠡ ᠵᠡᠷᠭᠡ ᠦᠷᠭᠡᠨ ᠠᠭᠤᠯᠭ᠎ᠠ ᠶᠢ ᠪᠠᠭᠲᠠᠭᠠᠵᠠᠢ᠃
Original Literature No Original Paper
出自 内蒙古大学学报 1996年 第1期

联系我们


内蒙古大学图书馆
呼和浩特市大学西路235号
中国·内蒙古
P: (0471) 4992561
E: huangfeilong@imu.edu.cn