Paper Information


Title 《ᠮᠣᠩ᠋ᠭᠤᠯ ᠬᠢᠲᠠᠳ ᠲᠤᠯᠢ》᠋ ᠶᠢ ᠨᠡᠮᠡᠨ ᠵᠠᠰᠠᠵᠤ ᠬᠡᠪᠯᠡᠭᠦᠯᠬᠦ ᠲᠤᠬᠠᠢ ᠠᠷᠭ᠎ᠠ ᠲᠤᠷᠰᠢᠯᠭᠠᠴᠢ ᠪᠤᠤᠯᠭ᠎ᠠ ᠬᠢᠭᠡᠳ ᠳᠤᠷᠠᠳᠬᠠᠯ
Creator ᠰᠢᠨᠡᠳᠬᠡ
Keyword
Abstract ᠲᠤᠰ ᠦᠭᠦᠯᠡᠯ ᠳᠦ ᠂ 《ᠮᠣᠩ᠋ᠭᠤᠯ ᠬᠢᠲᠠᠳ ᠲᠤᠯᠢ》᠋ ᠶᠢ ᠠᠩ᠋ᠬ᠎ᠠ ᠨᠠᠢ᠌ᠷᠠᠭᠤᠯᠤᠨ ᠭᠠᠷᠭᠠᠭᠰᠠᠨ ᠦᠶ᠎ᠡ ᠶᠢᠨ ᠲᠤᠷᠰᠢᠯᠭ᠎ᠠ ᠰᠤᠷᠭᠠᠮᠵᠢ ᠪᠠᠨ ᠡᠷᠭᠢᠴᠡᠭᠦᠯᠦᠨ ᠳ᠋ᠦᠩᠨᠡᠭᠰᠡᠨ ᠦ ᠬᠠᠮᠲᠤᠲᠠ᠂ ᠦᠪᠡᠷᠲᠡᠭᠡᠨ ᠵᠠᠰᠠᠬᠤ ᠣᠷᠤᠨ ᠪᠠᠢ᠌ᠭᠤᠯᠤᠭᠳᠠᠭᠰᠠᠨ 50 ᠵᠢᠯ ᠪᠡ ᠦᠪᠦᠷ ᠮᠣᠩ᠋ᠭᠤᠯ ᠤᠨ ᠶᠡᠬᠡ ᠰᠤᠷᠭᠠᠭᠤᠯᠢ ᠪᠠᠢ᠌ᠭᠤᠯᠤᠭᠳᠠᠭᠰᠠᠨ 40 ᠵᠢᠯ ᠦᠨ ᠪᠠᠶᠠᠷ ᠳᠤᠷᠠᠰᠬᠠᠯ ᠢ ᠪᠡᠯᠭᠡᠯᠡᠨ ᠲᠡᠮᠳᠡᠭᠯᠡᠬᠦ᠂ ᠪᠠᠰᠠ ᠮᠠᠨ ᠤ ᠰᠤᠷᠭᠠᠭᠤᠯᠢ ᠶᠢᠨ 《211》ᠪᠦᠲᠦᠭᠡᠯᠭᠡ ᠳᠦ ᠲᠡᠮᠡᠴᠡᠨ ᠣᠷᠤᠬᠤ ᠣᠳᠣᠬᠢ ᠰᠠᠢ᠌ᠨ ᠰᠠᠢ᠌ᠬᠠᠨ ᠴᠠᠭ ᠲᠤᠬᠢᠶᠠᠯ ᠢ ᠠᠮᠵᠢᠯᠲᠠᠲᠠᠢ ᠵᠠᠪᠳᠤᠨ ᠠᠰᠢᠭᠯᠠᠵᠤ᠂ ᠨᠡᠮᠡᠨ ᠵᠠᠰᠠᠵᠤ ᠬᠡᠪᠯᠡᠭᠦᠯᠬᠦ ᠬᠤᠶᠠᠳᠠᠬᠢ ᠪᠠᠷ ᠶᠤᠭᠠᠨ ᠲᠤᠯᠢ ᠦᠭᠡᠰ ᠦᠨ ᠰᠤᠩ᠋ᠭᠤᠯᠲᠠ᠂ ᠪᠢᠴᠢᠯᠭᠡ ᠳᠠᠭᠤᠳᠠᠯᠭ᠎ᠠ᠂ ᠤᠳᠬ᠎ᠠ ᠠᠭᠤᠯᠭ᠎ᠠ᠂ ᠣᠷᠴᠢᠭᠤᠯᠭ᠎ᠠ ᠲᠠᠢ᠌ᠯᠪᠤᠷᠢ᠂ ᠵᠢᠱᠢᠶ᠎ᠡ ᠪᠠᠷᠢᠮᠲᠠ ᠵᠡᠷᠭᠡ ᠲᠠᠪᠤᠨ ᠲᠠᠯ᠎ᠠ ᠪᠠᠷ ᠰᠠᠢ᠌ᠨ ᠰᠠᠢ᠌ᠬᠠᠨ ᠠᠮᠵᠢᠯᠲᠠ ᠪᠦᠲᠦᠮᠵᠢ ᠪᠡᠷ ᠡᠷᠳᠡᠮ ᠴᠢᠳᠠᠯᠳᠠᠢ ᠰᠢᠨᠡᠳᠭᠡᠨ ᠪᠤᠯᠪᠠᠰᠤᠷᠠᠭᠤᠯᠬᠤ ᠲᠤᠬᠠᠢ ᠵᠤᠬᠢᠶᠠᠭᠴᠢ ᠶᠢᠨ ᠪᠤᠳᠤᠯᠭ᠎ᠠ ᠲᠦᠯᠦᠪᠯᠡᠭᠡ ᠪᠡ ᠰᠠᠨᠠᠯ ᠳᠤᠷᠠᠳᠬᠠᠯ ᠢᠶᠠᠨ ᠳᠡᠪᠰᠢᠭᠦᠯᠦᠨ ᠲᠤᠯᠢᠳᠠᠭᠤᠯᠤᠭᠰᠠᠨ ᠪᠦᠭᠡᠳ ᠤᠯᠠᠮ ᠢᠯᠡᠭᠦᠦ ᠬᠠᠩ᠋ᠭᠠᠮᠵᠢᠲᠠᠢ ᠬᠦᠷᠲᠡᠭᠡᠮᠵᠢᠲᠡᠢ᠂ ᠯᠠᠪᠯᠠᠮᠵᠢ ᠠᠰᠢᠭᠯᠠᠮᠵᠢᠲᠠᠢ᠂ ᠪᠠᠷᠢᠮᠵᠢᠶ᠎ᠠ ᠳᠦᠷᠢᠮᠵᠢᠶᠡᠲᠡᠢ᠂ ᠴᠢᠨᠠᠷ ᠠᠮᠵᠢᠯᠲᠠᠲᠠᠢ᠂ ᠪᠤᠯᠪᠠᠰᠤᠨ ᠰᠠᠢ᠌ᠨ ᠮᠣᠩ᠋ᠭᠤᠯ ᠬᠢᠲᠠᠳ ᠲᠤᠯᠢ ᠪᠢᠴᠢᠭ᠌ ᠪᠦᠲᠦᠬᠡᠨ ᠭᠠᠷᠭᠠᠵᠤ ᠭᠡᠢ᠌ᠭᠦᠯᠬᠦ ᠪᠤᠯᠲᠤᠭᠠᠢ ᠭᠡᠵᠦ ᠢᠲᠡᠭᠡᠯ ᠲᠡᠭᠦᠯᠳᠡᠷ ᠡᠷᠡᠮᠡᠯᠵᠡᠨ ᠪᠡᠯᠭᠡᠯᠡᠵᠡᠢ᠃
Original Literature No Original Paper
出自 内蒙古大学学报 1995年 第2期

联系我们


内蒙古大学图书馆
呼和浩特市大学西路235号
中国·内蒙古
P: (0471) 4992561
E: huangfeilong@imu.edu.cn