Paper Information


Title ᠬᠠᠭᠤᠷᠮᠠᠭ ᠮᠠᠨᠵᠤ ᠶᠢᠨ ᠦᠶ ᠠ ᠳᠡᠬᠢ ᠵᠡᠭᠦᠨ ᠮᠣᠩᠭᠣᠯ ᠤᠨ ᠬᠤᠰᠢᠭᠤ ᠴᠢᠭᠤᠯᠭᠠᠨ ᠦ ᠪᠠᠢ᠌ᠭᠤᠯᠤᠯ ᠤᠨ ᠤᠯᠠᠷᠢᠵᠤ ᠬᠤᠪᠢᠰᠤᠭᠰᠠᠨ ᠲᠤᠬᠠᠢ
Creator ᠠᠯᠳᠠᠨᠲᠠᠯᠠᠢ
Keyword ᠬᠠᠭᠤᠷᠮᠠᠭ ᠮᠠᠨᠵᠤ;ᠵᠡᠭᠦᠨ ᠮᠣᠩᠭᠣᠯ ᠤᠨ ᠬᠤᠰᠢᠭᠤ;ᠪᠠᠢ᠌ᠭᠤᠯᠤᠯ ; ᠤᠯᠠᠷᠢᠯ ᠬᠤᠪᠢᠰᠤᠯ
Abstract ᠳᠤᠰ ᠦᠭᠦᠯᠡᠯ ᠳᠤ ᠨᠠᠢ᠌ᠳᠠᠪᠤᠷᠢᠲᠠᠢ ᠰᠤᠷᠪᠤᠯᠵᠢ ᠪᠢᠴᠢᠭ᠌ ᠤᠳ ᠢ ᠠᠰᠢᠭᠯᠠᠨ᠂ ᠶᠠᠫᠤᠨ ᠦ 《ᠮᠠᠨᠵᠤ ᠮᠣᠩᠭᠣᠯ ᠤᠨ ᠲᠤᠬᠠᠢ ᠪᠤᠳᠤᠯᠭ᠎ᠠ》 ᠪᠠ ᠵᠡᠭᠦᠨ ᠮᠣᠩᠭᠣᠯ ᠤᠨ ᠬᠤᠰᠢᠭᠤ ᠴᠢᠭᠤᠯᠭᠠᠨ ᠦ ᠪᠠᠢ᠌ᠭᠤᠯᠤᠯ ᠤᠨ ᠲᠤᠬᠠᠢ ᠲᠦᠰᠦᠪ ᠲᠦᠯᠦᠪᠯᠡᠭᠡ ᠨᠤᠭᠦᠳ ᠪᠤᠯᠤᠨ  ᠬᠠᠭᠤᠷᠮᠠᠭ ᠮᠠᠨᠵᠤ ᠶᠢᠨ ᠵᠠᠰᠠᠭ ᠤᠨ ᠭᠠᠵᠠᠷ ᠪᠠᠢ᠌ᠭᠤᠯᠤᠭᠳᠠᠭᠰᠠᠨ ᠦ ᠳᠠᠷᠠᠭ᠎ᠠ ᠵᠡᠭᠦᠨ ᠮᠣᠩᠭᠣᠯ ᠤᠨ ᠵᠠᠰᠠᠭ ᠵᠠᠭᠢᠷᠠᠭᠠᠨ ᠦ ᠪᠠᠢ᠌ᠭᠤᠯᠤᠮᠵᠢ ᠶᠢ ᠳᠠᠬᠢᠵᠦ ᠲᠤᠬᠢᠷᠠᠭᠤᠯᠤᠭᠰᠠᠨ᠂ ᠬᠤᠰᠢᠭᠤ ᠴᠢᠭᠤᠯᠭᠠᠨ ᠦ ᠪᠠᠢ᠌ᠭᠤᠯᠤᠯ ᠢ ᠦᠭᠡᠷᠡᠴᠢᠯᠡᠭᠰᠡᠨ ᠂ ᠸᠠᠩ ᠭᠦᠩ ᠤᠨ ᠪᠠᠢ᠌ᠭᠤᠯᠤᠯ ᠢ ᠦᠬᠡᠢ᠌ᠰᠭᠡᠭ᠍ᠰᠡᠨ᠂ ᠬᠤᠰᠭᠤ ᠰᠢᠶᠠᠨ ᠵᠡᠷᠭᠡᠪᠡᠷ ᠤᠷᠤᠰᠢᠭᠰᠠᠨ ᠪᠠᠢ᠌ᠭᠤᠯᠤᠯ  ᠦᠭᠡᠷᠡᠴᠢᠯᠡᠭᠰᠡᠨ ᠵᠡᠷᠭᠡ ᠬᠡᠳᠦᠨ ᠲᠠᠯ ᠠ ᠡᠴᠡ ᠵᠡᠭᠦᠨ ᠮᠣᠩᠭᠣᠯ ᠤᠨ ᠬᠤᠰᠢᠭᠤ ᠴᠢᠭᠤᠯᠭᠠᠨ ᠦ ᠪᠠᠢ᠌ᠭᠤᠯᠤᠯ ᠤᠨ ᠬᠤᠪᠢᠷᠠᠯᠳᠠ ᠶᠢᠨ ᠶᠠᠪᠤᠴᠠ ᠶᠢ ᠰᠢᠰᠲ᠋ᠸᠮ ᠲᠠᠢ ᠰᠤᠳᠤᠯᠵᠤ᠂ ᠳᠡᠦᠬᠡ ᠶᠢᠨ ᠤᠭ ᠲᠦᠷᠰᠦ ᠪᠠᠢ᠌ᠳᠠᠯ ᠢ ᠦᠨᠡᠨ ᠵᠦᠪ ᠶᠢᠨᠷ ᠲᠤᠰᠬᠠᠬᠤ ᠪᠡᠷ ᠵᠤᠷᠢᠵᠠᠢ᠃ 
Original Literature View Original Paper
出自 内蒙古大学学报 2001年 第1期

联系我们


内蒙古大学图书馆
呼和浩特市大学西路235号
中国·内蒙古
P: (0471) 4992561
E: huangfeilong@imu.edu.cn