Paper Information


Title ᠵᠠᠩ ᠴᠢᠨᠠᠷ ᠤᠨ ᠬᠤᠶᠠᠳᠠᠮᠠᠯ ᠰᠢᠨᠵᠢ ᠬᠢᠭᠡᠳ ᠪᠡᠯᠭᠡᠳᠡᠯ ᠰᠢᠨᠵᠢ ᠎—— ᠬᠦᠮᠦᠨ ᠲᠦᠷᠢ ᠶᠢᠨ ᠲᠤᠬᠠᠢ ᠬᠠᠰᠪᠤ ᠶᠢᠨ ᠦᠵᠡᠯᠳᠡ ᠶᠢ ᠨᠠᠷᠢᠪᠴᠢᠯᠠᠬᠤ ᠨᠢ
Creator ᠡᠷᠳᠡᠨᠢᠬᠠᠳᠠ
Keyword ᠵᠠᠩ ᠴᠢᠨᠠᠷ; ᠬᠤᠶᠠᠳᠠᠮᠠᠯ ᠰᠢᠨᠵᠢ; ᠪᠡᠯᠭᠡᠳᠡᠯ ᠰᠢᠨᠵᠢ
Abstract ᠦᠭᠦᠯᠡᠯ ᠳᠤ ᠬᠦᠮᠦᠨ ᠲᠦᠷᠢ ᠶᠢᠨ ᠲᠤᠬᠠᠢ ᠬᠠᠰᠪᠤ ᠶᠢᠨ ᠦᠵᠡᠯᠳᠡ ᠶᠢ ᠨᠠᠷᠢᠪᠴᠢᠯᠠᠬᠤ ᠳ᠋ᠠᠭᠠᠨ 《ᠲᠤᠰ ᠢ ᠤᠯᠭᠤᠬᠤ》ᠤᠨᠤᠯ ᠤᠨ ᠲᠤᠬᠠᠢ ᠡᠮᠦᠨᠡᠬᠢ ᠰᠤᠳᠤᠯᠤᠯ ᠳᠤ ᠰᠠᠭᠤᠷᠢᠯᠠᠵᠤ᠂ ᠵᠠᠩ ᠴᠢᠨᠠᠷ ᠤᠨ ᠬᠤᠶᠠᠳᠠᠮᠠᠯ ᠰᠢᠨᠵᠢ ᠪᠠ ᠪᠡᠯᠭᠡᠳᠡᠯ ᠰᠢᠨᠵᠢ ᠶᠢᠨ ᠲᠤᠬᠠᠢ ᠬᠠᠰᠪᠤ ᠶᠢᠨ ᠦᠵᠡᠯᠳᠡ ᠶᠢ ᠭᠦᠨᠵᠡᠭᠡᠢ᠌ᠷᠡᠨ ᠦᠭᠦᠯᠡᠪᠡ᠃ ᠬᠠᠰᠪᠤ《ᠤᠯᠠᠭᠠᠨ ᠠᠰᠠᠷ ᠤᠨ ᠵᠡᠭᠦᠳᠦᠨ》 ᠤ ᠭᠤᠤᠯ ᠲᠦᠷᠢ ᠨᠤᠭᠦᠳ ᠤᠨ ᠵᠠᠩ ᠴᠢᠨᠠᠷ ᠢ ᠲᠠᠩ ᠴᠤᠯᠭᠤᠢ《ᠰᠠᠢ᠌ᠨ》ᠪᠠ《ᠮᠠᠭᠤ》ᠭᠡᠰᠡᠨ ᠤᠢ᠌ᠯᠠᠭᠠᠯᠳᠠ ᠪᠡᠷ ᠲᠠᠢ᠌ᠯᠪᠤᠷᠢᠯᠠᠭᠰᠠᠨ ᠦᠭᠡᠢ᠂ ᠬᠠᠷᠢᠨ ᠰᠠᠢ᠌ᠨ ᠮᠠᠭᠤ ᠶᠢ ᠨᠢᠭᠡᠳᠦᠭᠦᠯᠦᠭᠰᠡᠨ ᠬᠤᠶᠠᠳᠠᠮᠠᠯ ᠰᠢᠨᠵᠢ ᠲᠠᠢ ᠪᠡᠷ ᠦᠵᠡᠪᠡ᠃ ᠡᠨᠡᠯ ᠪᠤᠯ ᠬᠠᠰᠪᠤ ᠶᠢᠨ ᠵᠠᠷᠢᠮ ᠲᠦᠷᠢ ᠶᠢᠨ ᠴᠤᠯᠭᠤᠢ ᠰᠢᠨᠵᠢ ᠶᠢ ᠠᠵᠢᠭᠰᠠᠨ ᠬᠡᠯᠪᠡᠷᠢᠯ ᠡᠴᠡ ᠨᠢ ᠢᠯᠭᠠᠨ ᠦᠵᠡᠭᠦᠰᠢᠳᠡᠢ ᠲᠦᠷᠢ ᠶᠢᠨ ᠤᠨᠤᠯ ᠤᠨ ᠭᠤᠤᠯ ᠲᠠᠯ᠎ᠠ ᠪᠤᠯᠬᠤ ᠶᠤᠮ᠃ ᠬᠠᠰᠪᠤ ᠬᠡᠪ ᠰᠢᠨᠵᠢᠳᠦ ᠲᠦᠷᠢ ᠶᠢᠨ ᠪᠡᠯᠭᠡᠳᠡᠯ ᠰᠢᠨᠵᠢ ᠶᠢ ᠴᠤ ᠬᠢᠷᠠᠬᠠᠢ ᠠᠵᠢᠵᠤ᠂ ᠲᠦᠷᠢ ᠶᠢᠨ ᠭᠤᠣ᠎ᠠ ᠲᠠᠭᠠᠰᠢᠶᠠᠬᠤ ᠠᠴᠢ ᠬᠤᠯᠪᠤᠭᠳᠠᠯ ᠢ ᠴᠢᠬᠤᠯᠠᠴᠢᠯᠠᠭᠰᠠᠨ ᠪᠠᠢ᠌ᠵᠠᠢ᠃
Original Literature No Original Paper
出自 内蒙古社会科学(蒙文版) 2001年 第3期

联系我们


内蒙古大学图书馆
呼和浩特市大学西路235号
中国·内蒙古
P: (0471) 4992561
E: huangfeilong@imu.edu.cn