Title |
ᠵᠠᠩ ᠴᠢᠨᠠᠷ ᠤᠨ ᠬᠤᠶᠠᠳᠠᠮᠠᠯ ᠰᠢᠨᠵᠢ ᠬᠢᠭᠡᠳ ᠪᠡᠯᠭᠡᠳᠡᠯ ᠰᠢᠨᠵᠢ —— ᠬᠦᠮᠦᠨ ᠲᠦᠷᠢ ᠶᠢᠨ ᠲᠤᠬᠠᠢ ᠬᠠᠰᠪᠤ ᠶᠢᠨ ᠦᠵᠡᠯᠳᠡ ᠶᠢ ᠨᠠᠷᠢᠪᠴᠢᠯᠠᠬᠤ ᠨᠢ |
Creator |
ᠡᠷᠳᠡᠨᠢᠬᠠᠳᠠ |
Keyword |
ᠵᠠᠩ ᠴᠢᠨᠠᠷ; ᠬᠤᠶᠠᠳᠠᠮᠠᠯ ᠰᠢᠨᠵᠢ; ᠪᠡᠯᠭᠡᠳᠡᠯ ᠰᠢᠨᠵᠢ |
Abstract |
ᠦᠭᠦᠯᠡᠯ ᠳᠤ ᠬᠦᠮᠦᠨ ᠲᠦᠷᠢ ᠶᠢᠨ ᠲᠤᠬᠠᠢ ᠬᠠᠰᠪᠤ ᠶᠢᠨ ᠦᠵᠡᠯᠳᠡ ᠶᠢ ᠨᠠᠷᠢᠪᠴᠢᠯᠠᠬᠤ ᠳ᠋ᠠᠭᠠᠨ 《ᠲᠤᠰ ᠢ ᠤᠯᠭᠤᠬᠤ》ᠤᠨᠤᠯ ᠤᠨ ᠲᠤᠬᠠᠢ ᠡᠮᠦᠨᠡᠬᠢ ᠰᠤᠳᠤᠯᠤᠯ ᠳᠤ ᠰᠠᠭᠤᠷᠢᠯᠠᠵᠤ᠂ ᠵᠠᠩ ᠴᠢᠨᠠᠷ ᠤᠨ ᠬᠤᠶᠠᠳᠠᠮᠠᠯ ᠰᠢᠨᠵᠢ ᠪᠠ ᠪᠡᠯᠭᠡᠳᠡᠯ ᠰᠢᠨᠵᠢ ᠶᠢᠨ ᠲᠤᠬᠠᠢ ᠬᠠᠰᠪᠤ ᠶᠢᠨ ᠦᠵᠡᠯᠳᠡ ᠶᠢ ᠭᠦᠨᠵᠡᠭᠡᠢ᠌ᠷᠡᠨ ᠦᠭᠦᠯᠡᠪᠡ᠃ ᠬᠠᠰᠪᠤ《ᠤᠯᠠᠭᠠᠨ ᠠᠰᠠᠷ ᠤᠨ ᠵᠡᠭᠦᠳᠦᠨ》 ᠤ ᠭᠤᠤᠯ ᠲᠦᠷᠢ ᠨᠤᠭᠦᠳ ᠤᠨ ᠵᠠᠩ ᠴᠢᠨᠠᠷ ᠢ ᠲᠠᠩ ᠴᠤᠯᠭᠤᠢ《ᠰᠠᠢ᠌ᠨ》ᠪᠠ《ᠮᠠᠭᠤ》ᠭᠡᠰᠡᠨ ᠤᠢ᠌ᠯᠠᠭᠠᠯᠳᠠ ᠪᠡᠷ ᠲᠠᠢ᠌ᠯᠪᠤᠷᠢᠯᠠᠭᠰᠠᠨ ᠦᠭᠡᠢ᠂ ᠬᠠᠷᠢᠨ ᠰᠠᠢ᠌ᠨ ᠮᠠᠭᠤ ᠶᠢ ᠨᠢᠭᠡᠳᠦᠭᠦᠯᠦᠭᠰᠡᠨ ᠬᠤᠶᠠᠳᠠᠮᠠᠯ ᠰᠢᠨᠵᠢ ᠲᠠᠢ ᠪᠡᠷ ᠦᠵᠡᠪᠡ᠃ ᠡᠨᠡᠯ ᠪᠤᠯ ᠬᠠᠰᠪᠤ ᠶᠢᠨ ᠵᠠᠷᠢᠮ ᠲᠦᠷᠢ ᠶᠢᠨ ᠴᠤᠯᠭᠤᠢ ᠰᠢᠨᠵᠢ ᠶᠢ ᠠᠵᠢᠭᠰᠠᠨ ᠬᠡᠯᠪᠡᠷᠢᠯ ᠡᠴᠡ ᠨᠢ ᠢᠯᠭᠠᠨ ᠦᠵᠡᠭᠦᠰᠢᠳᠡᠢ ᠲᠦᠷᠢ ᠶᠢᠨ ᠤᠨᠤᠯ ᠤᠨ ᠭᠤᠤᠯ ᠲᠠᠯ᠎ᠠ ᠪᠤᠯᠬᠤ ᠶᠤᠮ᠃ ᠬᠠᠰᠪᠤ ᠬᠡᠪ ᠰᠢᠨᠵᠢᠳᠦ ᠲᠦᠷᠢ ᠶᠢᠨ ᠪᠡᠯᠭᠡᠳᠡᠯ ᠰᠢᠨᠵᠢ ᠶᠢ ᠴᠤ ᠬᠢᠷᠠᠬᠠᠢ ᠠᠵᠢᠵᠤ᠂ ᠲᠦᠷᠢ ᠶᠢᠨ ᠭᠤᠣ᠎ᠠ ᠲᠠᠭᠠᠰᠢᠶᠠᠬᠤ ᠠᠴᠢ ᠬᠤᠯᠪᠤᠭᠳᠠᠯ ᠢ ᠴᠢᠬᠤᠯᠠᠴᠢᠯᠠᠭᠰᠠᠨ ᠪᠠᠢ᠌ᠵᠠᠢ᠃ |
Original Literature |
No Original Paper
|
出自 |
内蒙古社会科学(蒙文版)
2001年
第3期
|