Abstract |
ᠳᠤᠰ ᠦᠭᠦᠯᠡᠯ ᠳᠤ ᠂ ᠶᠠᠭᠤᠨ ᠦ ᠡᠮᠤᠨ᠎ᠡ 17—20ᠳ᠋ᠤᠭᠠᠷ ᠵᠠᠭᠤᠨ ᠦ ᠲᠡᠦᠬᠡᠨ ᠵᠤᠬᠢᠶᠠᠯ᠂ ᠳᠠᠬᠢᠯᠭ᠎ᠠ ᠶᠢᠨ ᠪᠢᠴᠢᠭ᠌᠂ ᠰᠤᠷᠪᠤᠯᠵᠢᠯᠠᠭ᠎ᠠ ᠳᠡᠮᠳᠡᠭᠯᠡᠯ ᠢ ᠬᠠᠷᠢᠴᠠᠭᠤᠯᠤᠨ ᠰᠤᠳᠤᠯᠵᠤ᠂ ᠳᠠᠷᠠᠬᠤᠨ ᠤᠨ ᠨᠡᠢ᠌ᠳᠡᠯᠢᠭ ᠲᠠᠯ ᠠ ᠶᠢ ᠬᠤᠷᠢᠶᠠᠩᠭ᠋ᠤᠢ᠌ᠯᠠᠯ ᠬᠢᠪᠡ᠃ ᠬᠤᠶᠠᠳᠤᠭᠠᠷ ᠠᠯᠬᠤᠮ ᠳᠤ ᠳᠠᠷᠠᠬᠤᠨ ᠬᠢᠭᠡᠳ ᠬᠠᠭᠠᠨ ᠲᠦᠷᠦ ᠶᠢᠨ ᠳᠠᠬᠢᠯᠭ᠎ᠠ ᠨᠤᠭᠦᠳ ᠤᠨ ᠬᠠᠷᠢᠴᠠᠭᠠᠨ ᠳᠤ ᠵᠠᠳᠠᠯᠤᠯ ᠬᠢᠵᠦ ᠳᠠᠷᠠᠬᠤᠨ ᠨᠢ ᠬᠠᠭᠠᠨ ᠲᠦᠷᠦ ᠶᠢᠨ ᠳᠡᠭᠷᠢ ᠭᠠᠵᠠᠷ ᠤᠨ ᠳᠠᠭᠢᠯᠭ᠎ᠠ ᠳᠤ ᠲᠤᠮᠢᠯᠠᠭᠳᠠᠭᠰᠠᠳ ᠪᠤᠯᠬᠤ ᠶᠢ ᠳᠤᠳᠤᠯᠠᠬᠤ ᠶᠢᠨ ᠬᠠᠮᠳᠤ 13—16ᠳ᠋ᠤᠭᠠᠷ ᠵᠠᠭᠤᠨ ᠦ ᠪᠢᠴᠢᠭ᠌ ᠲᠤ ᠬᠡᠷᠭᠢᠨ ᠪᠢᠴᠢᠭᠳᠡᠵᠦ ᠪᠠᠢ᠌ᠭᠰᠠᠨ ᠶᠢ ᠵᠢᠭᠠᠵᠤ ᠭᠠᠷᠭᠠᠵᠠᠢ᠃ ᠭᠤᠷᠪᠠᠳᠤᠭᠠᠷ ᠠᠯᠬᠤᠮ ᠳᠤ᠂ ᠳᠠᠷᠠᠬᠤᠨ ᠦ ᠡᠯ ᠡ ᠲᠠᠯ ᠠ ᠶᠢ ᠬᠡᠰᠢᠭᠳᠡᠨ ᠳᠤ ᠬᠤᠯᠪᠤᠭᠳᠠᠬᠤ ᠲᠠᠯ ᠠ ᠲᠠᠢ ᠬᠠᠷᠢᠴᠠᠭᠤᠯᠵᠤ᠂ ᠳᠠᠷᠠᠬᠤᠨ ᠤᠨ ᠤᠵᠤᠭᠤᠷ ᠳᠡᠭᠡᠳᠤᠰ ᠨᠢ ᠬᠡᠰᠢᠭᠳᠡᠨ ᠪᠤᠯᠤᠨ᠎ᠠ ᠭᠡᠵᠦ ᠦᠵᠡᠵᠡᠢ᠃ ᠡᠴᠤᠰ ᠲᠤ ᠳᠠᠷᠠᠬᠤᠨ ᠤᠨ ᠢᠷᠡᠯ ᠭᠠᠷᠤᠯ ᠤᠨ ᠲᠤᠬᠠᠢ ᠰᠤᠷᠪᠤᠯᠵᠢᠰ ᠤᠨ ᠵᠦᠷᠢᠴᠡᠯᠳᠦ ᠳᠡᠮᠳᠡᠭᠯᠡᠯ ᠬᠢᠭᠡᠳ ᠰᠤᠳᠤᠯᠭᠠᠨ ᠦ ᠪᠦᠳᠦᠭᠡᠯ ᠳᠤ ᠰᠢᠭᠦᠮᠵᠢᠯᠡᠯ ᠬᠢᠪᠡ᠃ |