Paper Information


Title 《ᠳᠦᠴᠢᠨ ᠲᠦᠮᠡᠨ ᠮᠣᠩᠭ᠋ᠤᠯ》 ᠬᠡᠮᠡᠬᠦ ᠨᠡᠷᠡᠢ᠌ᠳᠦᠯ ᠦᠨ ᠡᠭᠦᠰᠦᠯ ᠢᠷᠡᠯ ᠵᠢᠴᠢ ᠬᠤᠯᠪᠤᠭᠳᠠᠯ ᠪᠦᠬᠦᠢ ᠬᠡᠳᠦᠨ ᠠᠰᠠᠭᠤᠳᠠᠯ
Creator ᠵᠢᠭᠠᠨᠴᠢᠲᠠᠢ ᠪᠤᠶᠠᠨᠳᠡᠯᠭᠡᠷ
Keyword
Abstract ᠲᠤᠰ ᠦᠭᠦᠯᠡᠯ ᠳᠦ 《ᠳᠦᠴᠢᠨ ᠲᠦᠮᠡᠨ ᠮᠣᠩᠭ᠋ᠤᠯ》 ᠪᠤᠶᠤ 《ᠳᠦᠴᠢᠨ ᠲᠦᠮᠡᠨ ᠮᠣᠩᠭ᠋ᠤᠯ ᠤᠯᠤᠰ》 ᠬᠡᠮᠡᠬᠦ ᠨᠡᠷᠡᠢ᠌ᠳᠦᠯ ᠦᠨ ᠤᠤᠯ ᠤᠳᠬ᠎ᠠ᠂ ᠪᠤᠢ ᠪᠤᠯᠤᠭᠰᠠᠨ ᠴᠠᠭ ᠦᠶ᠎ᠡ ᠵᠢᠴᠢ ᠬᠤᠯᠪᠤᠭᠳᠠᠯ ᠪᠦᠬᠦᠢ ᠬᠡᠳᠦᠨ ᠠᠰᠠᠭᠤᠳᠠᠯ ᠢ ᠲᠠᠢ᠌ᠯᠪᠤᠷᠢᠯᠠᠪᠠ᠃ 《ᠳᠦᠴᠢᠨ ᠲᠦᠮᠡᠨ ᠮᠣᠩᠭ᠋ᠤᠯ》 ᠪᠤᠯ ᠮᠣᠩᠭ᠋ᠤᠯᠴᠤᠳ ᠤᠨ ᠨᠡᠢ᠌ᠲᠡ ᠨᠡᠷᠡᠢ᠌ᠳᠦᠯ ᠪᠢᠰᠢ᠂ ᠲᠡᠷᠡ ᠨᠢ ᠵᠦᠪᠬᠡᠨ ᠮᠣᠩᠭ᠋ᠤᠯ ᠤᠨ ᠶᠡᠬᠡ ᠬᠠᠭᠠᠨ ᠤ ᠰᠢᠭᠤᠳ ᠬᠠᠷᠢᠶᠠᠨ ᠳᠠᠬᠢ ᠵᠡᠭᠦᠨ ᠮᠣᠩᠭ᠋ᠤᠯᠴᠤᠳ ᠤᠨ ᠨᠡᠢ᠌ᠲᠡ ᠨᠡᠷᠡᠢ᠌ᠳᠦᠯ ᠮᠦᠨ᠃ 《ᠳᠦᠴᠢᠨ ᠲᠦᠮᠡᠨ ᠮᠣᠩᠭ᠋ᠤᠯ》 ᠬᠡᠮᠡᠬᠦ ᠨᠡᠷᠡᠢ᠌ᠳᠦᠯ ᠨᠢ ᠲᠠᠶᠤᠨ ᠬᠠᠭᠠᠨ ᠤ ᠰᠢᠭᠤᠳ ᠨᠤᠶᠠᠯᠠᠯ ᠳᠤ ᠪᠠᠢ᠌ᠭᠰᠠᠨ ᠵᠢᠷᠭᠤᠭᠠᠨ ᠶᠡᠬᠡ ᠠᠢ᠌ᠮᠠᠭ ᠤᠨ ᠨᠡᠢ᠌ᠲᠡ ᠬᠦᠮᠦᠨ ᠠᠮᠠ ᠶᠢᠨ ᠪᠠᠷᠤᠭᠴᠠᠭᠠᠯᠠᠭᠰᠠᠨ ᠲᠤᠭᠠᠨ ᠠᠴᠠ ᠢᠷᠡᠯᠲᠡᠢ᠃ 17᠋᠋ ᠳᠤᠭᠠᠷ ᠵᠠᠭᠤᠨ ᠠᠴᠠ ᠳᠠᠷᠠᠭ᠎ᠠ ᠵᠤᠬᠢᠶᠠᠭᠳᠠᠭᠰᠠᠨ ᠮᠣᠩᠭ᠋ᠤᠯ ᠰᠤᠷᠪᠤᠯᠵᠢᠰ ᠲᠤ ᠡᠨᠡᠬᠦ ᠨᠡᠷᠡᠢ᠌ᠳᠦᠯ ᠢ ᠴᠢᠩᠭᠢᠰ ᠬᠠᠨ ᠲᠡᠷᠡᠴᠢᠯᠡᠨ ᠪᠦᠷᠲᠡ ᠴᠢᠨᠤ᠎ᠠ ᠶᠢᠨ ᠦᠶ᠎ᠡ ᠳᠦ ᠨᠢᠭᠡᠨᠲᠡ ᠪᠠᠢ᠌ᠭᠰᠠᠨ ᠬᠡᠮᠡᠷ ᠲᠡᠮᠳᠡᠭᠯᠡᠭᠰᠡᠨ ᠨᠢ ᠵᠤᠬᠢᠶᠠᠭᠴᠢ ᠦᠪᠡᠷ ᠦᠨ ᠴᠠᠭ ᠦᠶ᠎ᠡ ᠶᠢᠨ ᠤᠬᠠᠭᠳᠠᠬᠤᠨ ᠢᠶᠠᠷ ᠢᠶᠠᠨ ᠡᠷᠲᠡᠨ ᠦ ᠲᠡᠦᠬᠡ ᠶᠢ ᠲᠠᠢ᠌ᠯᠪᠤᠷᠢᠯᠠᠭᠰᠠᠨ ᠠᠴᠠ ᠪᠤᠯᠤᠭᠰᠠᠨ ᠡᠨᠳᠡᠭᠦᠦ ᠬᠡᠯᠡᠯᠭᠡ ᠬᠡᠯᠲᠡᠢ᠃
Original Literature No Original Paper
出自 内蒙古大学学报 1996年 第4期

联系我们


内蒙古大学图书馆
呼和浩特市大学西路235号
中国·内蒙古
P: (0471) 4992561
E: huangfeilong@imu.edu.cn