Abstract |
ᠾᠦᠩᠨᠤᠴᠤᠳ ᠦᠪᠡᠷ ᠦᠨ ᠦᠨᠳᠦᠰᠦᠲᠡᠨ ᠦ ᠦᠰᠦᠭ ᠪᠢᠴᠢᠭ᠌ ᠲᠡᠢ ᠪᠠᠢ᠌ᠭᠰᠠᠨ ᠡᠰᠡᠭᠦ ᠲᠤᠬᠠᠢ᠂ ᠳᠤᠲᠤᠭᠠᠤ ᠭᠠᠳᠠᠭᠠᠳᠤ ᠶᠢᠨ ᠡᠷᠳᠡᠮᠲᠡᠳ ᠶᠡᠷᠦ ᠡᠴᠡ ᠮᠠᠭᠤᠭᠰᠠᠭᠠᠷ ᠢᠷᠡᠭᠰᠡᠨ ᠪᠢᠯᠡ᠃ ᠲᠤᠰ ᠦᠭᠦᠯᠡᠯ ᠳᠦ ᠂ ᠤᠮᠠᠷᠠᠲᠤ ᠡᠸᠦᠶᠷᠦᠫᠡ᠂ ᠮᠣᠩᠭ᠋ᠤᠯ ᠤᠨ ᠦᠨᠳᠦᠷᠯᠢᠭ ᠪᠡ ᠳᠤᠮᠳᠠᠳᠤ ᠤᠯᠤᠰ ᠤᠨ ᠨᠤᠲᠤᠭ ᠳᠡᠪᠢᠰᠭᠡᠷ ᠡᠴᠡ ᠮᠠᠯᠲᠠᠵᠤ ᠭᠠᠷᠭᠠᠭᠰᠠᠨ ᠾᠦᠩᠨᠤ — ᠠᠸᠠᠷᠴᠤᠳ ᠤᠨ ᠦᠶ᠎ᠡ ᠶᠢᠨ ᠠᠷᠾᠸᠤᠯᠤᠬᠢ ᠶᠢᠨ ᠣᠯᠳᠠᠪᠤᠷᠢ ᠨᠤᠭᠤᠳ ᠲᠤ ᠢᠯᠡᠷᠡᠭᠰᠡᠨ 《ᠷᠦᠨ》 (Runiec) ᠪᠢᠴᠢᠭ᠌ ᠪᠤᠯᠤᠨ ᠣᠯᠠᠨ ᠭᠠᠵᠠᠷ ᠤᠨ ᠬᠠᠲᠠᠨ ᠤ ᠵᠢᠷᠤᠭ ᠲᠠᠬᠢ ᠲᠠᠮᠠᠭ᠎ᠠ ᠲᠡᠮᠳᠡᠭ᠂ 《ᠪᠢᠴᠢᠭᠡᠰᠦ》᠂ 《ᠦᠰᠦᠭ》 ᠵᠡᠷᠭᠡ ᠶᠢ ᠦᠷᠭᠡᠨ ᠢᠶᠡᠷ ᠬᠠᠢ᠌ᠵᠤ ᠰᠢᠭᠦᠭᠡᠳ ᠨᠡᠢ᠌ᠲᠡ 400 ᠭᠠᠷᠤᠢ ᠵᠤᠢ᠌ᠯ ᠤᠨ ᠲᠡᠮᠳᠡᠭ ᠦᠨ ᠳᠦᠷᠰᠦ ᠶᠢ ᠴᠤᠭᠯᠠᠭᠤᠯᠵᠠᠢ᠃ ᠵᠤᠬᠢᠶᠠᠭᠴᠢ ᠠᠴᠠ ᠡᠳᠡᠭᠡᠷ ᠮᠠᠲ᠋ᠧᠷᠢᠶᠠᠯ ᠳᠤ ᠲᠤᠯᠭᠠᠭᠤᠷᠢᠯᠠᠨ ᠾᠦᠩᠨᠤᠴᠤᠳ ᠦᠪᠡᠷ ᠦᠨ ᠦᠰᠦᠭ ᠪᠢᠴᠢᠭ᠌ ᠲᠡᠢ ᠪᠠᠢ᠌ᠯ᠎ᠠ ᠭᠡᠰᠡᠨ ᠦᠵᠡᠯᠲᠡ ᠳᠡᠪᠰᠢᠭᠦᠯᠬᠦ ᠶᠢᠨ ᠳᠠᠭᠠᠤ᠂ ᠡᠨᠡ ᠬᠦ ᠦᠰᠦᠭ ᠪᠢᠴᠢᠭ᠌ ᠢ 《ᠾᠦᠨ ᠪᠢᠴᠢᠭ᠌》(戎书)ᠬᠡᠮᠡᠨ ᠨᠡᠷᠡᠢ᠌ᠳᠪᠡ᠃ |