Paper Information


Title ᠵᠠᠶᠠᠭᠠᠴᠢ ᠶᠢᠨ ᠰᠢᠳᠦᠯᠭᠡ ᠶᠢᠨ ᠤᠯᠠᠷᠢᠯ ᠬᠤᠪᠢᠰᠤᠯ ᠤᠨ ᠡᠷᠬᠢᠨ ᠲᠤᠭᠤᠷᠢᠨ ᠳᠤ
Creator ‍ᠤ᠂ ᠡᠷᠬᠢᠮᠪᠠᠶᠠᠷ
Keyword ᠡᠮᠡᠭᠡᠨ ᠵᠠᠶᠠᠭᠠᠴᠢ; ᠡᠪᠦᠭᠡᠨ ᠵᠠᠶᠠᠭᠠᠴᠢ; ᠨᠠᠢ᠌ᠨᠠᠢ ᠵᠠᠶᠠᠭᠠᠴᠢ; ᠲᠦᠷᠦᠯ ᠤᠯᠭᠤᠭᠴᠢ ᠡᠮᠡᠭᠡ; ᠲᠦᠷᠦᠯ ᠤᠯᠭᠤᠭᠴᠢ ᠡᠪᠦᠭᠡ
Abstract ᠬᠠᠮᠤᠭ ᠤᠨ ᠡᠷᠳᠡᠨ ᠦ ᠵᠠᠶᠠᠭᠠᠴᠢ ᠪᠤᠯ ᠡᠬᠡᠴᠢᠯᠡᠯ ᠤᠨ ᠤᠪᠤᠭ ᠲᠦᠷᠦᠯ ᠤᠨ ᠦᠶ ᠡ ᠶᠢᠨ ᠡᠮᠡᠭᠳᠡᠢ ᠰᠢᠳᠦᠭᠡᠨ ᠪᠠᠢ᠌ᠵᠠᠢ᠃ ᠲᠡᠷᠡ ᠨᠢ ᠬᠥᠮᠥᠰ ᠲᠤ ᠦᠷ ᠡ ᠬᠡᠦᠬᠡᠳ ᠵᠠᠶᠠᠭᠠᠯᠠᠭᠠᠬᠤ᠂ ᠦᠷ ᠡ ᠬᠡᠦᠬᠡᠳ ᠤᠨ ᠡᠷᠡᠭᠦᠯ ᠡᠩᠬᠡ ᠶᠢ ᠬᠠᠮᠠᠭᠠᠯᠠᠬᠤ ᠡᠭᠦᠷᠭᠡ ᠲᠠᠢ ᠪᠠᠢ᠌ᠵᠠᠢ᠃ ᠡᠬᠡᠴᠢᠯᠡᠯ ᠤᠨ ᠤᠪᠤᠭ ᠲᠦᠷᠦᠯ ᠡᠴᠡ ᠡᠴᠢᠬᠡᠴᠢᠯᠴᠯ ᠤᠨ ᠤᠪᠤᠭ ᠲᠦᠷᠦᠯ ᠳᠤ ᠰᠢᠯᠵᠢᠬᠦ ᠶᠢ ᠳᠠᠭᠠᠯᠳᠤᠨ᠂ ᠤᠤᠯ ᠤᠨ ᠡᠮᠡᠭᠡᠨ ᠵᠠᠶᠠᠭᠠᠴᠢ ᠡᠴᠡ ᠭᠠᠳᠠᠨ᠎ᠠ ᠪᠠᠰᠠ ᠨᠢᠭᠡ ᠡᠪᠦᠭᠡᠨ ᠵᠠᠶᠠᠭᠠᠴᠢ ᠪᠤᠢ ᠪᠤᠯᠪᠠ᠃ ᠡᠪᠦᠭᠡᠨ ᠵᠠᠶᠠᠭᠠᠴᠢ ᠨᠢ ᠮᠠᠯ ᠰᠦᠷᠦᠭ ᠢ ᠦᠰᠭᠡᠨ ᠲᠦᠯᠵᠢᠭᠦᠯᠬᠦ ᠡᠭᠦᠷᠭᠡ ᠴᠢᠳᠡᠪᠬᠢ ᠲᠠᠢ ᠪᠠᠢ᠌ᠵᠠᠢ᠃ ᠰᠡᠭᠦᠯ ᠤᠨ ᠦᠶ ᠡ ᠳᠤ ᠬᠤᠷᠴᠢᠨ ᠳᠤ ᠬᠡᠯᠡᠳᠡᠭ ᠨᠠᠢ᠌ᠨᠠᠢ ᠪᠤᠭᠳᠠ ᠭᠡᠳᠡᠭ ᠨᠢ ᠦᠨᠡᠨ ᠳᠡᠭᠡᠨ ᠡᠮᠡᠭᠡᠨ ᠵᠠᠶᠠᠭᠠᠴᠢ ᠶᠢ ᠵᠢᠭᠠᠵᠤ᠂ ᠬᠤᠷᠴᠢᠨ ᠦ ᠰᠦᠮ ᠡ ᠬᠡᠢ᠌ᠳ ᠲᠤ ᠲᠦᠷᠦᠯ ᠤᠯᠭᠤᠭᠴᠢ ᠡᠮᠡᠭᠡ᠂ ᠲᠦᠷᠦᠯ ᠤᠯᠭᠤᠭᠴᠢ ᠡᠪᠦᠭᠡ ᠭᠡᠵᠦ ᠭᠠᠷᠳᠠᠭ ᠨᠢ ᠡᠮᠡᠭᠡᠨ ᠵᠠᠶᠠᠭᠠᠴᠢ ᠪᠤᠯᠤᠨ ᠡᠪᠦᠭᠡᠨ ᠵᠠᠶᠠᠭᠠᠴᠢ ᠶᠢ ᠵᠢᠭᠠᠵᠤ ᠪᠤᠢ᠃
Original Literature View Original Paper
出自 中国蒙古学 2007年 第3期

联系我们


内蒙古大学图书馆
呼和浩特市大学西路235号
中国·内蒙古
P: (0471) 4992561
E: huangfeilong@imu.edu.cn