Paper Information


Title ᠤᠳᠬ᠎ᠠ ᠵᠤᠬᠢᠶᠠᠯ ᠰᠤᠳᠤᠯᠤᠯ ᠤᠨ ᠰᠡᠳᠬᠢᠭᠦᠢ ᠵᠠᠢ ᠶᠢᠨ ᠨᠡᠭᠡᠭᠡᠯᠲᠡ (ᠦᠷᠭᠦᠯᠵᠢᠯᠡᠯ) — ᠣᠷᠴᠢᠮ ᠬᠡᠳᠦᠨ ᠵᠢᠯ ᠦᠨ ᠲᠤᠷᠰᠢᠬᠢ ᠮᠠᠨ ᠤ ᠤᠯᠤᠰ ᠤᠨ ᠤᠳᠬ᠎ᠠ ᠵᠤᠬᠢᠶᠠᠯ ᠰᠤᠳᠤᠯᠤᠯ ᠤᠨ ᠬᠦᠭᠵᠢᠯᠲᠡ ᠶᠢᠨ ᠪᠠᠢᠳᠠᠯ
Creator ᠯᠢᠦ ᠽᠠᠢ ᠹᠦ᠋; ᠬᠠᠰᠳᠤᠷᠵᠢ
Keyword
Abstract ᠨᠠᠰᠤᠨ ᠲᠤᠷᠰᠢ ᠳᠠᠭ᠋ᠠᠨ ᠨᠡᠢᠭᠡᠮᠴᠢ ᠲᠡᠦᠬᠡ ᠶᠢᠨ ᠰᠤᠳᠤᠯᠬᠤ ᠠᠷᠭ᠎ᠠ ᠶᠢ ᠪᠠᠷᠢᠮᠲᠠᠯᠠᠬᠤ ᠪᠠᠷ ᠰᠡᠳᠬᠢᠯ ᠰᠢᠢᠳᠭᠡᠨ ᠡᠷᠳᠡᠮᠲᠡᠳ ᠴᠦ ᠣᠳᠣᠬᠢ ᠵᠠᠷᠢᠮ ᠵᠠᠷᠢᠮ ᠰᠢᠨ᠎ᠡ ᠣᠢᠯᠠᠭ᠋ᠠᠭᠳᠠᠬᠤᠨ ᠪᠤᠯᠤᠨ ᠠᠷᠭ᠎ᠠ ᠶᠢ ᠠᠩᠬᠠᠷᠬᠤ ᠦᠭᠡᠢ ᠪᠠᠢᠵᠤ ᠴᠢᠳᠠᠬᠤ ᠦᠭᠡᠢ ᠪᠤᠯᠤᠭ᠋ᠠᠳ᠂ ᠨᠢᠭᠡᠨᠲᠡ ᠪᠠᠢᠭ᠎ᠠ ᠣᠢᠯᠠᠭ᠋ᠠᠭᠳᠠᠬᠤᠨ ᠪᠤᠯᠤᠨ ᠠᠷᠭ᠎ᠠ ᠳᠤ ᠵᠠᠷᠢᠮ ᠬᠡᠪᠴᠢᠶᠡᠨ ᠦ ᠡᠷᠭᠢᠴᠡᠭᠦᠯᠦᠨ ᠪᠤᠳᠤᠯᠬᠢᠯᠠᠯᠲᠠ ᠬᠢᠵᠦ᠂ ᠲᠡᠭᠦᠨ ᠦ ᠳᠤᠲᠤᠷᠠᠬᠢ ᠵᠠᠷᠢᠮ ᠠᠰᠢᠭᠲᠠᠢ ᠵᠦᠢᠯᠡᠰ ᠢ ᠰᠢᠩᠭᠡᠭᠡᠨ ᠠᠪᠴᠤ ᠪᠤᠢ᠃ ᠠᠷᠭ᠎ᠠ ᠶᠢᠨ ᠣᠨ᠋ᠤᠯ ᠳᠤ ᠳᠤᠷ᠎ᠠ ᠰᠤᠨ᠋ᠢᠷᠬᠠᠯ ᠲᠠᠢ ᠪᠠᠢᠬᠤ ᠨᠢ ᠦᠨ᠋ᠡᠨ ᠶᠤᠰᠤᠨ ᠳᠤ ᠣᠢᠷᠠᠲᠤᠬᠤ ᠨᠢᠭᠡ ᠵᠤᠢᠯ ᠤᠨ ᠬᠠᠯᠠᠭ᠋ᠤᠮᠰᠤᠭ ᠢᠯᠡᠷᠡᠯ ᠪᠤᠯᠤᠨ᠎ᠠ᠃ (ᠨᠢᠭᠡ) ᠤᠳᠬ᠎ᠠ ᠵᠤᠬᠢᠶᠠᠯ ᠤᠨ ᠳᠤᠲᠤᠭ᠋ᠠᠳᠤ ᠵᠢᠮ᠎ᠡ ᠶᠤᠰᠤ ᠶᠢ ᠭᠦᠨᠵᠡᠭᠡᠢᠷᠡᠨ ᠰᠤᠳᠤᠯᠬᠤ ᠪᠤᠯᠤᠭᠰᠠᠨ; (ᠬᠤᠶᠠᠷ) ᠣᠯᠠᠨ ᠲᠠᠯ᠎ᠠ ᠠᠴᠠ ᠤᠳᠬ᠎ᠠ ᠵᠤᠬᠢᠶᠠᠯ ᠢ ᠠᠵᠢᠭᠯᠠᠨ ᠰᠢᠨᠵᠢᠯᠡᠬᠦ ᠪᠤᠯᠤᠭᠰᠠᠨ; (ᠭᠤᠷᠪᠠ) ᠬᠤᠷᠤ᠎ᠠ ᠬᠤᠷᠢᠶᠠᠩᠭ᠋ᠤᠢᠯᠠᠨ ᠰᠤᠳᠤᠯᠬᠤ ᠪᠤᠯᠤᠭᠰᠠᠨ; (ᠳᠦᠷᠪᠡ) ᠨᠡᠭᠡᠭᠡᠯᠲᠡ ᠲᠡᠢ ᠰᠢᠰᠲ᠋ᠧᠮ ᠪᠤᠯᠤᠭᠰᠠᠨ᠃ ᠡᠨ᠋ᠡᠬᠦ ᠳᠦᠷᠪᠡᠨ ᠵᠤᠢᠯ ᠤᠨ ᠬᠠᠨᠳᠤᠯᠭ᠎ᠠ ᠶᠢ ᠳᠤᠰᠬᠠᠭᠰᠠᠨ ᠳᠤᠯᠤᠭ᠋ᠠᠨ ᠲᠠᠯ᠎ᠠ ᠶᠢᠨ ᠳᠤᠪᠤᠢᠮ᠎ᠠ ᠢᠯᠡᠷᠡᠯ᠄ ᠨᠢᠭᠡ᠂ ᠭᠤᠤ᠎ᠠ ᠵᠦᠢ ᠶᠢᠨ ᠬᠦᠭᠵᠢᠯᠲᠡ ᠨᠢ ᠤᠳᠬ᠎ᠠ ᠤᠷᠠᠯᠢᠭ ᠰᠤᠳᠤᠯᠤᠯ ᠤᠨ ᠳᠤᠲᠤᠭ᠋ᠠᠳᠤ ᠵᠦᠭ ᠡᠷᠢᠯᠳᠡᠨ ᠣᠷᠤᠵᠠᠢ᠃ ᠬᠤᠶᠠᠷ᠂ ᠰᠡᠳᠬᠢᠴᠡ ᠵᠦᠢ ᠶᠢᠨ ᠠᠷᠭ᠎ᠠ ᠶᠢ ᠡᠷᠬᠢᠮᠯᠡᠬᠦ ᠪᠤᠯᠤᠭᠰᠠᠨ᠃ ᠭᠤᠷᠪᠠ᠂ ᠬᠠᠷᠢᠴᠠᠭ᠋ᠤᠯᠤᠯ ᠤᠳᠬ᠎ᠠ ᠵᠤᠬᠢᠶᠠᠯ ᠤᠨ ᠰᠤᠳᠤᠯᠤᠯ ᠦᠷᠨ᠋ᠢᠭᠦᠨ ᠬᠦᠭᠵᠢᠰᠡᠨ᠃ ᠳᠦᠷᠪᠡ᠂ ᠦᠷᠦᠨ᠋ᠡᠳᠠᠬᠢᠨ ᠤ ᠤᠳᠬ᠎ᠠ ᠵᠤᠬᠢᠶᠠᠯ ᠰᠢᠭᠦᠮᠵᠢ ᠶᠢᠨ ᠤᠷᠤᠰᠬᠠᠯ ᠪᠦᠯᠦᠭ ᠪᠡ ᠰᠢᠭᠦᠮᠵᠢ ᠶᠢᠨ ᠠᠷᠭ᠎ᠠ ᠪᠠᠷᠢᠯ ᠢ ᠳᠠᠮᠵᠢᠭ᠋ᠤᠯᠤᠨ ᠲᠠᠨ᠋ᠢᠯᠴᠠᠭ᠋ᠤᠯᠬᠤ ᠪᠤᠯᠤᠭᠰᠠᠨ᠃ ᠲᠠᠪᠤ᠂ ᠰᠢᠰᠲ᠋ᠧᠮᠲᠦ ᠠᠷᠭ᠎ᠠ ᠪᠠᠷ ᠰᠤᠳᠤᠯᠬᠤ ᠪᠤᠯᠤᠭᠰᠠᠨ᠃ ᠵᠢᠷᠭ᠋ᠤᠭ᠎ᠠ᠂ ᠤᠳᠬ᠎ᠠ ᠵᠤᠬᠢᠶᠠᠯ ᠰᠤᠤᠯᠤᠯ ᠪᠤᠯᠤᠨ ᠪᠠᠢᠭ᠋ᠠᠯᠢ ᠶᠢᠨ ᠰᠢᠨᠵᠢᠯᠡᠬᠦ ᠤᠬᠠᠭ᠋ᠠᠨ ᠤ ᠬᠠᠷᠢᠯᠴᠠᠨ ᠨᠡᠪᠲᠡᠷᠡᠯᠴᠡᠬᠦ ᠪᠤᠯᠤᠭᠰᠠᠨ᠃ ᠳᠤᠯᠤᠭ᠎ᠠ᠂ ᠭᠤᠷᠪᠠ ᠬᠤᠷᠢᠶᠠᠩᠭ᠋ᠤᠢᠯᠠᠨ ᠰᠤᠳᠤᠯᠬᠤ ᠪᠤᠯᠤᠭᠰᠠᠨ᠃
Original Literature No Original Paper
出自 内蒙古民族大学学报(社会科学) 1986年 第2期

联系我们


内蒙古大学图书馆
呼和浩特市大学西路235号
中国·内蒙古
P: (0471) 4992561
E: huangfeilong@imu.edu.cn