Title |
ᠮᠣᠩᠭᠤᠯ ᠠᠷᠠᠳ ᠤᠨ ᠠᠮᠠᠨ ᠵᠣᠬᠢᠶᠠᠯ ᠳ᠋ᠡᠬᠢ ᠪᠠᠢᠭᠠᠯᠢ ᠶᠢᠨ ᠦᠵᠡᠭᠳᠡᠯ ᠤᠨ ᠴᠡᠭᠡᠷ |
Creator |
ᠵᠦ ᠱᠤᠸᠠᠩ ᠰᠢ |
Keyword |
ᠠᠷᠠᠳ ᠤᠨ ᠠᠮᠠᠨ ᠵᠣᠬᠢᠶᠠᠯ; ᠪᠠᠢᠭᠠᠯᠢ ᠶᠢᠨ ᠦᠵᠡᠭᠳᠡᠯ; ᠴᠡᠭᠡᠷ ᠬᠤᠷᠢᠭ᠎ᠠ |
Abstract |
ᠪᠠᠢᠭᠠᠯᠢ ᠶᠢᠨ ᠦᠵᠡᠭᠳᠡᠯ ᠤᠨ ᠴᠡᠭᠡᠷ ᠭᠡᠳᠡᠭ ᠪᠣᠯ ᠪᠠᠢᠭᠠᠯᠢ ᠲᠡᠯᠡᠭᠡᠢ ᠶᠢᠨ ᠲᠦᠮᠡ ᠮᠢᠩᠭᠠᠨ ᠪᠣᠳᠠᠰ ᠦᠵᠡᠳᠳᠡᠯ ᠢ ᠰᠦᠭ ᠰᠦᠨᠡᠰᠦ ᠲᠠᠢ ᠬᠡᠮᠡᠨ ᠦᠵᠡᠭᠡᠳ ᠰᠦᠷᠲᠡᠨ ᠪᠢᠰᠢᠷᠡᠬᠦ ᠡᠴᠡ ᠡᠭᠦᠰᠦᠭᠰᠡᠨ ᠪᠠᠯᠠᠷ ᠡᠷᠲᠡᠨ ᠤ ᠬᠦᠮᠦᠰ ᠤᠨ ᠰᠢᠲᠦᠯᠭᠡ ᠪᠢᠰᠢᠷᠡᠯ ᠤᠨ ᠨᠢᠭᠡᠨ ᠬᠡᠯᠪᠡᠷᠢ ᠪᠣᠯᠤᠨ᠎ᠠ᠃ ᠡᠬᠡ ᠪᠠᠢᠭᠠᠯᠢ ᠶᠢᠨ ᠪᠣᠳᠠᠰ ᠦᠵᠡᠭᠳᠡᠯ ᠢ ᠰᠢᠳᠦᠨ ᠪᠢᠰᠢᠷᠡᠬᠦ ᠴᠡᠭᠡᠷ ᠶᠣᠰᠤ ᠲᠡᠯᠡᠬᠡᠢ ᠶᠢᠨ ᠤᠯᠠᠨ ᠦᠨᠳᠦᠰᠦᠲᠡᠨ ᠳ᠋ᠤ ᠪᠦᠷ ᠪᠠᠢᠭᠰᠠᠨ ᠪᠦᠭᠡᠳ ᠣᠳᠣ ᠪᠣᠯᠳᠠᠯ ᠠ ᠴᠦ ᠡᠳᠦᠢ ᠲᠡᠳᠦᠢ ᠣᠷᠤᠰᠢᠵᠤ ᠪᠠᠢᠨ᠎ᠠ᠃ ᠮᠣᠩᠭᠤᠯ ᠤᠭᠰᠠᠭᠠᠲᠠᠨ ᠤ ᠦᠨᠢᠷ ᠪᠠᠶᠠᠯᠢᠭ ᠠᠮᠠᠨ ᠵᠣᠬᠢᠶᠠᠯ ᠳ᠋ᠤ ᠪᠠᠢᠭᠠᠯᠢ ᠶᠢᠨ ᠰᠢᠲᠦᠭᠡᠨ ᠪᠠ ᠲᠡᠭᠦᠨ ᠤ ᠲᠣᠬᠠᠢ ᠴᠡᠭᠡᠣᠷ ᠶᠣᠰᠤ ᠮᠠᠰᠢ ᠦᠷᠭᠡᠨ ᠤᠯᠠᠮᠵᠢᠠᠯᠭᠲᠠᠵᠤ ᠢᠷᠡᠭᠰᠡᠨ ᠪᠠᠢᠨ᠎ᠠ᠃ ᠡᠢᠨ ᠬᠦ ᠪᠢᠳᠡ ᠮᠣᠩᠭᠤᠯᠴᠤᠳ ᠤᠨ ᠠᠵᠤ ᠲᠦᠷᠦᠬᠦᠢ᠂ ᠠᠮᠢᠳᠤᠷᠠᠯ ᠲᠡᠮᠡᠴᠡᠯ ᠪᠣᠯᠤᠨ ᠦᠨᠳᠦᠰᠦᠲᠡᠨ ᠤ ᠰᠡᠳᠬᠦᠯᠭᠡᠨ ᠳᠡᠬᠢ ᠪᠠᠢᠭᠠᠯᠢ ᠶᠢᠨ ᠲᠣᠬᠠᠢ ᠴᠡᠭᠡᠷ ᠶᠣᠰᠤ ᠵᠢ ᠠᠮᠠᠨ ᠵᠣᠬᠢᠶᠠᠯ ᠤᠨ ᠡᠭᠦᠳᠡᠨ ᠡᠴᠡ ᠵᠠᠳᠠᠯᠤᠨ ᠰᠢᠨᠵᠢᠯᠡᠬᠦ ᠵᠢ ᠵᠣᠷᠢᠪᠠ᠃ |
Original Literature |
View Original Paper
|
出自 |
赤峰学院学报(蒙文哲学社会科学版)
2013年
第2期
|