Abstract |
ᠦᠭᠦᠯᠡᠯ ᠳᠤ ᠶᠠᠷᠢᠭᠳᠠᠵᠤ ᠪᠠᠢᠢᠭ᠋ ᠠ ᠮᠣᠩᠭ᠋ᠤᠯᠴᠤᠳ ᠪᠣᠯ ᠬᠦᠬᠡᠨᠠᠭᠤᠷ ᠮᠣᠵᠢ ᠶᠢᠨ ᠬᠤᠸᠩᠨᠠᠨ ᠵᠸᠦ ᠶᠢᠨ ᠡᠾᠸᠨᠠᠨ ᠰᠢᠶᠠᠨ ᠤ ᠮᠣᠩᠭ᠋ᠤᠯᠴᠤᠳ ᠢ ᠵᠢᠭᠠᠵᠤ ᠪᠠᠢᠢᠨ᠌ ᠠ᠃ ᠡᠨᠳᠡᠬᠢ ᠶᠢᠨ ᠮᠣᠩᠭ᠋ᠤᠯᠴᠤᠤᠳ ᠬᠠᠲᠤᠨ ᠭᠣᠣᠯ ᠤᠨ ᠶᠢᠰᠦᠨ ᠲᠣᠬᠤᠢ ᠶᠢᠨ ᠨᠢᠭᠡᠳᠦᠭᠡᠷ ᠲᠣᠬᠣᠢ ᠲᠡᠳᠤᠷ ᠠ ᠨᠤᠲᠤᠭᠯᠠᠵᠤ ᠪᠠᠢᠢᠬ᠋ ᠠ ᠡᠴᠡ ᠬᠠᠲᠤᠨ ᠭᠣᠣᠯ ᠤᠨ ᠡᠮᠦᠨᠡᠬᠢ ᠮᠣᠩᠭ᠋ᠤᠯᠴᠤᠳ ᠭᠡᠳᠡᠭ᠃ 17 ᠳ᠋ᠤᠭᠠᠷ ᠵᠠᠭᠤᠨ ᠤ ᠲᠠᠪᠠᠢ ᠵᠢᠷᠠᠭᠤᠳ ᠣᠨ ᠡᠴᠡ ᠲᠡᠭᠡᠷ ᠡ ᠵᠠᠭᠤᠨ ᠤ ᠲᠠᠪᠢᠭᠠᠳ ᠣᠨ ᠡᠴᠡ ᠲᠡᠭᠡᠷ ᠠ ᠵᠠᠭᠤᠨ ᠤ ᠲᠠᠪᠢᠭᠠᠳ ᠣᠨ ᠬᠦᠷᠲᠡᠯᠡᠬᠢ ᠭᠤᠷᠪᠠᠨ ᠵᠠᠭᠤ ᠭᠠᠷᠤᠢ ᠵᠢᠯ ᠤᠨ ᠲᠡᠦᠬᠡᠨ ᠬᠤᠭᠤᠴᠠᠭᠠᠨ ᠳᠤ ᠲᠤᠰ ᠣᠷᠤᠨ ᠳᠤ ᠬᠤᠱᠤᠳ᠂ ᠲᠤᠷᠭᠤᠳ ᠪᠠ ᠲᠦᠮᠡᠳ ᠵᠡᠷᠭᠡ ᠮᠣᠩᠭ᠋ᠤᠯ ᠠᠢᠢᠮᠠᠭ ᠶᠡᠰᠤᠲᠠᠳ ᠠᠵᠤ ᠲᠦᠷᠦᠵᠦ ᠠᠮᠢᠳᠤᠷᠠᠭᠰᠠᠭᠠᠷ ᠢᠷᠡᠵᠡᠢ᠃ ᠦᠭᠦᠯᠡᠯ ᠳᠤ ᠡᠨᠳᠡᠬᠢ ᠶᠢᠨ ᠮᠣᠩᠭ᠋ᠤᠯ ᠬᠤᠰᠢᠭᠤᠨ ᠤ ᠬᠤᠰᠢᠭᠤ ᠵᠠᠰᠠᠭ᠂ᠰᠦᠮ ᠡ ᠬᠡᠢᠢᠳ᠂ ᠠᠢᠢᠯ ᠠᠢᠢᠮᠠᠭ ᠤᠨ ᠵᠣᠬᠢᠶᠠᠨ ᠪᠠᠢᠢᠭᠤᠯᠤᠯᠲᠠ ᠵᠢ ᠠᠩᠬ ᠠ ᠠᠯᠬᠤᠮ ᠲᠠᠨᠢᠯᠴᠠᠭᠤᠯᠬᠤ ᠪᠡᠷ ᠴᠢᠷᠮᠠᠢᠢᠪᠠ᠂ |