Paper Information


Title ᠵᠢᠷᠭᠤᠭᠠᠨ ᠲᠠᠯᠠᠳᠤ B - C - N ᠨᠢᠭᠡᠳᠪᠦᠷᠢ ᠶᠢᠨ Raman ᠭᠡᠷᠡᠯ ᠵᠢᠭ᠌ᠰᠠᠯ ᠤᠨ ᠰᠤᠳᠤᠯᠤᠯᠳᠠ
Creator ᠪᠠᠢ ᠰᠦᠸᠸ ᠵᠦ; ᠲᠠᠪᠬᠤᠷᠪᠠᠶᠠᠷ; ᠲᠠᠭᠤᠯᠠ; ᠶᠤᠤ ᠵᠢᠶᠦ᠋ᠨ; ᠮᠦᠴᠢᠷ
Keyword B - C - N; ᠦᠨᠳᠦᠷ ᠡᠨ᠋ᠸᠷᠭᠢᠳᠦ ᠮᠸᠬᠠᠨᠢᠭ ᠪᠦᠮᠪᠦᠭᠡᠨ ᠱᠦᠷᠭᠦᠯᠳᠡ ᠶᠢᠨ ᠠᠷᠭ᠎ᠠ; Reman; ᠭᠡᠷᠡᠯ ᠵᠢᠭ᠌ᠰᠠᠯ
Abstract ᠪᠠᠯ ᠴᠢᠯᠠᠭᠤ ᠪᠤᠯᠤᠨ ᠵᠢᠷᠭᠤᠭᠠᠨ ᠲᠠᠯᠠᠳᠤ BN(h-BN) ᠶᠢᠡᠷ ᠲᠦᠭᠦᠬᠡᠢ ᠡᠳ᠋ ᠪᠤᠯᠭᠠᠨ ᠦᠨᠳᠦᠷ ᠡᠨ᠋ᠸᠷᠭᠢᠳᠦ ᠮᠸᠬᠠᠨᠢᠭ ᠪᠦᠮᠪᠦᠭᠡᠨ ᠤ ᠱᠦᠷᠭᠦᠯᠳᠡ ᠶᠢᠨ ᠠᠷᠭ᠎ᠠ ᠶᠢ ᠦᠨᠳᠦᠷ ᠲᠠᠷᠤᠴᠠᠳᠤ ᠪᠠ ᠲᠤᠯᠠᠭᠠᠴᠠ ᠶᠢᠨ ᠮᠡᠷᠭᠡᠵᠢᠯ ᠲᠠᠢ ᠤᠶᠠᠯᠳᠤᠭᠤᠯᠤᠨ B - C- N ᠤᠨ ᠲᠠᠯᠠᠰᠳᠤ ᠶᠢ ᠨᠡᠢ᠌ᠯᠡᠭᠦᠯᠦᠨ ᠭᠠᠷᠭᠠᠪᠠ᠃ XRD ᠵᠠᠳᠠᠯᠤᠯᠳᠠ ᠶᠢᠨ ᠦᠷ᠎ᠡ ᠳ᠋ᠦᠩ ᠤᠨ ᠢᠯᠡᠷᠬᠡᠢ᠌ᠯᠡᠭᠰᠡᠨ ᠶᠢᠡᠷ ᠪᠦᠳᠦᠭᠡᠭ᠍ᠳᠡᠭᠦᠨ ᠨᠢ ᠬᠤᠶᠠᠷ ᠵᠦᠢᠯ ᠤᠨ ᠵᠢᠷᠭᠤᠭᠠᠨ ᠲᠠᠯᠠᠳᠤ B - C - N ᠨᠢ ᠬᠤᠯᠢᠮᠠᠭ ᠹᠠᠰ ᠤᠨ ᠬᠡᠯᠪᠡᠷᠢ ᠪᠡᠷ ᠤᠷᠤᠰᠢᠬᠤ ᠮᠦᠷᠳᠡᠭᠡᠨ ᠤᠷᠤᠨᠳᠤ ᠲᠤᠤᠷ ᠤᠨ ᠪᠠᠢ᠌ᠩᠭ᠋ᠤ ᠲᠤᠭ᠎ᠠ ᠨᠢ ᠲᠤᠰ ᠪᠦᠷᠢ ᠵᠢᠷᠭᠤᠭᠠᠨ ᠲᠠᠯᠠᠳᠤ ᠹᠠ1 ᠶᠢᠨ ᠵᠠᠭᠤᠴᠢ ᠲᠤᠭ᠎ᠠ ᠨᠢ a1=0.755 nm᠂ c1=0.6716 nm᠂ ᠵᠢᠷᠭᠤᠭᠠᠨ ᠲᠠᠯᠠᠳᠤ ᠹᠠᠰⅡ ᠤᠨ ᠵᠠᠭᠤᠴᠢ ᠲᠤᠭ᠎ᠠ ᠨᠢ a2=1.236 nm᠂ c2=0.8570 nm ᠪᠤᠯᠬᠤ ᠶᠢ ᠨᠤᠳᠠᠯᠠᠭᠰᠠᠨ ᠤ ᠬᠠᠮᠳᠤ᠂ ᠪᠦᠳᠦᠭᠡᠭ᠍ᠳᠡᠭᠦᠨ ᠢ Raman ᠬᠡᠮᠵᠢᠭᠦᠷᠯᠢᠭ᠌ ᠶᠢᠡᠷ ᠲᠤᠯᠠᠭᠠᠴᠠ ᠬᠤᠪᠢᠷᠠᠬᠤ ᠨᠦᠭᠦᠴᠡᠯ ᠳᠤ ᠵᠠᠳᠠᠯᠤᠯᠳᠠ ᠬᠢᠪᠡ᠃ ᠦᠷ᠎ᠡ ᠳ᠋ᠦᠩ ᠳᠤ ᠢᠯᠡᠷᠬᠡᠢ᠌ᠯᠡᠭᠰᠡᠨ ᠶᠢᠡᠷ᠂ Ra-man ᠤ ᠦᠪᠡᠷᠮᠢᠴᠡ ᠤᠷᠭᠢᠯ ᠤᠨ ᠬᠦᠴᠦᠯᠡᠴᠡ ᠪᠠ ᠦᠷᠭᠡᠴᠡ ᠨᠢ ᠬᠤᠶᠠᠷ ᠵᠦᠢᠯ ᠤᠨ ᠠᠳᠠᠯᠢ ᠪᠤᠰᠤ ᠬᠤᠪᠢᠷᠠᠯᠳᠠ ᠲᠠᠢ ᠪᠠᠢ᠌ᠬᠤ ᠵᠢᠮ᠎ᠡ ᠬᠠᠤᠯᠢ ᠶᠢ ᠨᠤᠳᠠᠯᠠᠭᠰᠠᠨ ᠪᠦᠭᠡᠳ ᠵᠢᠷᠭᠤᠭᠠᠨ ᠲᠠᠯᠠᠳᠤ ᠹᠠᠰ 1 ᠪᠤᠯᠤᠨ ᠵᠢᠷᠭᠤᠭᠠᠨ ᠲᠠᠯᠠᠳᠤ ᠹᠠᠰⅡ ᠤᠨ ᠬᠤᠭᠤᠷᠤᠨᠳᠤ ᠹᠠᠰ ᠤᠨ ᠪᠦᠳᠦᠴᠡ ᠶᠢᠨ ᠬᠤᠪᠢᠷᠠᠯᠳᠠ ᠪᠠᠢ᠌ᠬᠤ ᠶᠢ ᠮᠡᠳᠡᠭᠰᠡᠨ ᠪᠠᠢ᠌ᠨ᠎ᠠ᠃ ᠡᠨᠡ ᠨᠢXRD ᠶᠢᠨ ᠵᠠᠳᠠᠯᠤᠯᠳᠠ ᠲᠠᠢ ᠪᠠᠨ ᠵᠤᠬᠢᠴᠠᠨ᠎ᠠ᠃
Original Literature View Original Paper
出自 内蒙古民族大学学报(自然科学) 2015年 第1期

联系我们


内蒙古大学图书馆
呼和浩特市大学西路235号
中国·内蒙古
P: (0471) 4992561
E: huangfeilong@imu.edu.cn