Paper Information


Title ᠲᠡᠮᠦᠵᠢᠨ ᠪᠣᠯᠤᠨ ᠬᠣᠷᠴᠢ ᠶᠢᠨ ᠬᠠᠷᠢᠴᠠᠭᠠᠨ ᠤ ᠲᠤᠬᠠᠢ ᠦᠭᠦᠯᠡᠬᠦ ᠨᠢ
Creator ᠬᠠᠢ ᠶᠢᠩ
Keyword ᠲᠡᠮᠦᠵᠢᠨ; ᠬᠣᠷᠴᠢ; ᠬᠠᠷᠢᠴᠠᠭ᠎ᠠ; ᠱᠠᠰᠢᠨ; ᠲᠦᠷᠦ
Abstract ᠲᠤᠰ ᠦᠭᠦᠯᠡᠯ ᠳᠥ ᠮᠣᠩᠭᠣᠯ ᠬᠠᠭᠠᠨᠲᠤ ᠤᠯᠤᠰ ᠠᠩᠬ᠎ᠠ ᠪᠠᠢ᠌ᠭᠤᠯᠤᠭᠳᠠᠬᠤ ᠦᠶ᠎ᠡ ᠳᠫ ᠬᠣᠷᠴᠢ ᠶᠢᠨ ᠲᠦᠮᠡᠨ ᠦ ᠨᠣᠶᠠᠨ ᠳᠤ ᠡᠷᠭᠦᠮᠵᠢᠯᠡᠭᠳᠡᠭᠰᠡᠨ ᠶᠠᠪᠤᠳᠠᠯ ᠡᠴᠡ ᠰᠦᠪᠡᠭ᠍ᠴᠢᠯᠡᠵᠦ᠂ ᠲᠡᠭᠦᠨ ᠦ ᠡᠨᠡ ᠬᠥ ᠪᠠᠢ᠌ᠷᠢ ᠰᠠᠭᠤᠷᠢ ᠳᠤ ᠭᠠᠷᠤᠭᠰᠠᠨ ᠨᠡᠢ᠌ᠭᠡᠮ ᠦᠨ ᠰᠢᠯᠲᠠᠭᠠᠨ᠂ ᠳᠠᠷᠤᠢ ᠪᠦᠬᠡ ᠭᠡᠬᠦ ᠨᠡᠷ᠎ᠡ ᠲᠦᠷᠦ ᠪᠡᠨ ᠠᠰᠢᠭᠯᠠᠨ᠂ ᠲᠡᠮᠦᠵᠢᠨ ᠦ ᠤᠯᠤᠰ ᠪᠠᠢ᠌ᠭᠤᠯᠬᠤ ᠳᠤ ᠨᠡᠢ᠌ᠭᠡᠮ ᠦᠨ ᠶᠠᠷᠢᠶ᠎ᠠ ᠬᠡᠯᠡᠯᠴᠡᠭᠡᠨ ᠦ ᠲᠠᠯ᠎ᠠ ᠪᠡᠷ ᠤᠬᠠᠭᠤᠯᠭ᠎ᠠ ᠬᠢᠵᠦ᠂ ᠲᠡᠮᠦᠵᠢᠨ ᠦ ᠲᠦᠷᠦ ᠶᠢ ᠳᠡᠳᠭᠦᠭ᠍ᠰᠡᠨ ᠮᠦᠷᠲᠡᠭᠡᠨ ᠳᠠᠭᠠᠤ ᠳᠤᠨᠢ ᠬᠣᠪᠢᠨ ᠤ ᠨᠢᠬᠦᠴᠡᠯ ᠢᠶᠡᠨ ᠳᠤᠷᠠᠳᠤᠨ ᠭᠠᠷᠭᠠᠭᠰᠠᠨ ᠢ ᠦᠭᠦᠯᠡᠬᠦ ᠶᠢᠨ ᠬᠠᠮᠲᠤ᠂ ᠲᠡᠮᠦᠵᠢᠨ ᠡᠴᠡ ᠲᠡᠭᠥᠨ ᠦ ᠱᠠᠰᠢᠨ ᠤ ᠡᠷᠬᠡ ᠪᠡᠷ ᠲᠦᠷᠦ ᠶᠢᠨ ᠡᠷᠬᠡ ᠶᠢ ᠡᠵᠡᠮᠳᠡᠬᠦ ᠭᠡᠰᠡᠨ ᠵᠡᠷᠯᠢᠭ ᠰᠠᠨᠠᠭ᠎ᠠ ᠶᠢ ᠢᠯᠡ ᠲᠣᠳᠣ ᠡᠰᠡᠷᠭᠦᠴᠡᠭᠰᠡᠨ ᠦᠭᠡᠢ ᠮᠦᠷᠲᠡᠭᠡᠨ ᠤᠷᠠᠨ ᠢᠶᠡᠷ ᠠᠰᠢᠭᠯᠠᠵᠤ ᠴᠢᠳᠠᠭᠰᠠᠨ ᠵᠡᠷᠭᠡ ᠤᠴᠢᠷ ᠢ ᠦᠭᠦᠯᠡᠵᠦ᠂ ᠨᠣᠶᠠᠷᠬᠠᠭᠴᠢ ᠪᠦᠯᠦᠭᠲᠡᠳ ᠦᠨ ᠲᠦᠷᠦ ᠶᠢᠨ ᠡᠷᠬᠡ ᠪᠡ ᠱᠠᠰᠢᠨ ᠤ ᠬᠠᠷᠢᠴᠠᠭ᠎ᠠ ᠪᠠᠷ ᠲᠡᠮᠦᠵᠢᠨ ᠪᠣᠯᠤᠨ ᠬᠣᠷᠴᠢ ᠶᠢᠨ ᠬᠣᠭᠣᠷᠣᠨᠳᠣᠬᠢ ᠬᠠᠷᠢᠴᠠᠭ᠎ᠠ ᠶᠢ ᠲᠣᠯᠢᠳᠬᠠᠨ ᠭᠠᠷᠭᠠᠪᠠ᠃ ᠡᠨᠡ ᠬᠥ ᠤᠴᠢᠷ ᠢᠶᠡᠷ ᠲᠡᠮᠦᠵᠢᠨ ᠲᠦᠷᠦ ᠪᠡ ᠱᠠᠰᠢᠨ ᠪᠣᠯ ᠨᠢᠭᠲᠠ ᠬᠠᠷᠢᠴᠠᠭ᠎ᠠ ᠲᠠᠢ ᠪᠠᠢ᠌ᠳᠠᠭ ᠪᠠ ᠲᠡᠮᠦᠵᠢᠨ ᠦ ᠲᠦᠷᠦ ᠶᠢᠨ ᠡᠷᠬᠡ ᠪᠡᠨ ᠪᠠᠳᠤᠳᠭᠠᠬᠤ ᠶᠢᠨ ᠲᠦᠯᠦᠭᠡ ᠱᠠᠰᠢᠨ ᠢ ᠵᠣᠷᠢᠭᠲᠠᠢ ᠪᠠᠷ ᠠᠰᠢᠭᠯᠠᠵᠤ᠂ ᠱᠠᠰᠢᠨ ᠡᠴᠡ ᠲᠦᠷᠦ ᠶᠢᠨ ᠡᠷᠬᠡ ᠳᠣᠨᠢ ᠬᠠᠯᠳᠠᠬᠤ ᠦᠶ᠎ᠡ ᠳᠥ ᠡᠷᠡᠰ ᠲᠠᠰᠤᠷᠬᠠᠢ ᠪᠠᠷ ᠳᠠᠷᠤᠩᠭ᠋ᠤᠢ᠌ᠯᠠᠳᠠᠭ ᠤᠯᠤᠰ ᠲᠦᠷᠦ ᠶᠢᠨ ᠠᠷᠭ᠎ᠠ ᠪᠣᠳᠤᠯᠭ᠎ᠠ ᠶᠢ ᠦᠭᠦᠯᠡᠭᠰᠡᠨ ᠪᠠᠢ᠌ᠨ᠎ᠠ᠃
Original Literature View Original Paper
出自 内蒙古民族大学学报(社会科学) 2007年 第1期

联系我们


内蒙古大学图书馆
呼和浩特市大学西路235号
中国·内蒙古
P: (0471) 4992561
E: huangfeilong@imu.edu.cn