Paper Information


Title ᠦᠪᠦᠷ ᠮᠣᠩᠭᠤᠯ ᠤᠨ ᠭᠤᠭᠤᠰᠤᠲᠠᠢ ᠬᠠᠨ ᠠᠭᠤᠯᠠ ᠤᠯᠤᠰ ᠤᠨ ᠳᠡᠰ ᠦᠨ ᠪᠠᠢᠭᠠᠯᠢ ᠶᠢᠨ ᠬᠠᠮᠠᠭᠠᠯᠠᠯᠲᠠ ᠶᠢᠨ ᠣᠷᠤᠨ ᠳᠠᠬᠢ ᠬᠡᠭᠡᠷ᠎ᠡ ᠶᠢᠨ ᠠᠮᠢᠲᠠᠨ ᠤ ᠣᠯᠠᠨ ᠵᠦᠢᠯᠲᠦ ᠴᠢᠨᠠᠷ ᠵᠢᠴᠢ ᠬᠠᠮᠠᠭᠠᠯᠠᠯᠲᠠ
Creator ᠰᠤᠷᠤᠨ᠎ᠠ; ᠵᠤᠤ ᠭᠡᠷᠡᠯᠲᠦ
Keyword ᠦᠪᠦᠷ ᠮᠣᠩᠭᠤᠯ; ᠭᠤᠭᠤᠰᠤᠲᠠᠢ ᠬᠠᠨ ᠠᠭᠤᠯᠠ; ᠪᠠᠢᠭᠠᠯᠢ ᠶᠢᠨ ᠬᠠᠮᠠᠭᠠᠯᠠᠯᠲᠠ ᠶᠢᠨ ᠣᠷᠤᠨ; ᠬᠡᠭᠡᠷ᠎ᠡ ᠶᠢᠨ ᠠᠮᠢᠲᠠᠨ; ᠣᠯᠠᠨ ᠵᠦᠢᠯᠲᠦ ᠴᠢᠨᠠᠷ
Abstract 2012 — 2014 ᠣᠨ ᠤ ᠬᠤᠭᠤᠷᠤᠨᠳᠤ ᠦᠪᠦᠷ ᠮᠣᠩᠭᠤᠯ ᠤᠨ ᠭᠤᠭᠤᠰᠤᠲᠠᠢ ᠬᠠᠨ ᠠᠭᠤᠯᠠ ᠤᠯᠤᠰ ᠤᠨ ᠳᠡᠰ ᠦᠨ ᠪᠠᠢᠭᠠᠯᠢ ᠶᠢᠨ ᠬᠠᠮᠠᠭᠠᠯᠠᠯᠲᠠ ᠶᠢᠨ ᠣᠷᠤᠨ ᠳᠤ ᠬᠡᠭᠡᠷ᠎ᠡ ᠶᠢᠨ ᠪᠠᠢᠴᠠᠭᠠᠯᠲᠠ ᠬᠢᠭᠰᠡᠨ ᠲᠤᠭ᠎ᠠ ᠪᠠᠷᠢᠮᠲᠠ ᠶᠢ ᠤᠤᠯ ᠤᠨ ᠪᠠᠢᠴᠠᠭᠠᠯᠲᠠ ᠶᠢᠨ ᠲᠡᠮᠳᠡᠭᠯᠡᠯ ᠲᠡᠢ ᠨᠡᠢᠯᠡᠭᠦᠯᠦᠭᠡᠳ᠂ ᠲᠤᠰ ᠬᠠᠮᠠᠭᠠᠯᠠᠯᠲᠠ ᠶᠢᠨ ᠣᠷᠤᠨ ᠳᠤ ᠨᠡᠢᠲᠡ 5 ᠠᠩᠭᠢ 29 ᠪᠠᠭ 70 ᠢᠵᠠᠭᠤᠷ ᠤᠨ 255 ᠳᠦᠷᠰᠦ ᠬᠡᠭᠡᠷ᠎ᠡ ᠶᠢᠨ ᠠᠮᠢᠲᠠᠨ ᠢ ᠪᠦᠷᠢᠳᠭᠡᠵᠡᠢ᠃ ᠡᠭᠦᠨ ᠳᠦ ᠤᠯᠤᠰ ᠤᠨ ᠨᠢᠭᠡᠳᠦᠭᠡᠷ ᠳᠡᠰ ᠦᠨ ᠬᠠᠮᠠᠭᠠᠯᠠᠯᠲᠠ ᠶᠢᠨ ᠠᠮᠢᠲᠠᠨ 2 ᠳᠦᠷᠰᠦ᠂ ᠬᠤᠶᠠᠳᠤᠭᠠᠷ ᠳᠡᠰ ᠦᠨ ᠬᠠᠮᠠᠭᠠᠯᠠᠯᠲᠠ ᠶᠢᠨ ᠠᠮᠢᠲᠠᠨ 37 ᠳᠦᠷᠰᠦ ᠪᠠᠢᠵᠤ᠂ ᠳᠤᠮᠳᠠᠳᠤ ᠤᠯᠤᠰ ᠤᠨ ᠬᠤᠪᠤᠷ ᠴᠤᠬᠠᠭ ᠠᠮᠢᠲᠠᠨ ᠤ ᠤᠯᠠᠭᠠᠨ ᠭᠠᠳᠠᠷᠲᠤ ᠨᠤᠮ ᠳᠤ ᠲᠡᠮᠳᠡᠭᠯᠡᠭᠳᠡᠭᠰᠡᠨ ᠨᠢ 18 ᠳᠦᠷᠰᠦ᠂ ᠮᠦᠬᠦᠭᠳᠡᠮᠡᠷ ᠪᠠᠢᠭ᠎ᠠ ᠬᠡᠭᠡᠷ᠎ᠡ ᠶᠢᠨ ᠠᠮᠢᠲᠠᠨ ᠤᠷᠭᠤᠮᠠᠯ ᠤᠨ ᠳᠡᠯᠡᠬᠡᠢ ᠶᠢᠨ ᠠᠷᠠᠯᠵᠢᠶᠠᠨ ᠤ ᠭᠡᠷ᠎ᠡ ᠳᠦ ᠲᠡᠮᠳᠡᠭᠯᠡᠭᠳᠡᠭᠰᠡᠨ ᠨᠢ 18 ᠳᠦᠷᠰᠦ᠂ ᠮᠦᠬᠦᠭᠳᠡᠮᠡᠷ ᠪᠠᠢᠭ᠎ᠠ ᠬᠡᠭᠡᠷ᠎ᠡ ᠶᠢᠨ ᠠᠮᠢᠲᠠᠨ ᠤᠷᠭᠤᠮᠠᠯ ᠤᠨ ᠳᠡᠯᠡᠬᠡᠢ ᠶᠢᠨ ᠠᠷᠠᠯᠵᠢᠶᠠᠨ ᠤ ᠭᠡᠷ᠎ᠡ ᠳᠦ ᠲᠡᠮᠳᠡᠭᠯᠡᠭᠳᠡᠭᠰᠡᠨ ᠨᠢ 38 ᠳᠦᠷᠰᠦ᠂ ᠣᠯᠠᠨ ᠤᠯᠤᠰ ᠤᠨ ᠪᠠᠢᠭᠠᠯᠢ ᠶᠢᠨ ᠬᠠᠮᠠᠭᠠᠯᠠᠯᠲᠠ ᠶᠢᠨ ᠬᠤᠯᠪᠤᠭᠠᠨ ᠤ ᠰᠦᠷᠳᠡᠭᠦᠯᠦᠯ ᠳᠦ ᠲᠤᠯᠭᠠᠷᠠᠵᠤ ᠪᠠᠢᠭ᠎ᠠ ᠨᠢ 5 ᠳᠦᠷᠰᠦ ᠪᠠᠢᠳᠠᠭ᠃ ᠡᠳᠡᠭᠡᠷ ᠬᠤᠪᠤᠷ ᠴᠤᠬᠠᠭ ᠠᠮᠢᠲᠠᠨ ᠨᠡᠢᠲᠡ 48 ᠳᠦᠷᠰᠦ ᠪᠠᠢᠵᠤ᠂ ᠪᠦᠬᠦ ᠠᠮᠢᠲᠠᠨ ᠤ 18.82% ᠢ ᠡᠵᠡᠯᠡᠨ᠎ᠡ᠃ ᠦᠭᠦᠯᠡᠯ ᠳᠦ ᠪᠠᠰᠠ ᠬᠠᠮᠠᠭᠠᠯᠠᠯᠲᠠ ᠶᠢᠨ ᠣᠷᠤᠨ ᠤ ᠬᠡᠭᠡᠷ᠎ᠡ ᠶᠢᠨ ᠠᠮᠢᠲᠠᠳ ᠤᠨ ᠣᠯᠠᠨ ᠵᠦᠢᠯᠲᠦ ᠴᠢᠨᠠᠷ ᠪᠠ ᠬᠤᠪᠤᠷ ᠴᠤᠬᠠᠭ ᠠᠮᠢᠲᠠᠨ ᠤ ᠡᠬᠢ ᠰᠤᠷᠪᠤᠯᠵᠢ ᠶᠢ ᠬᠡᠷᠬᠢᠨ ᠬᠠᠮᠠᠭᠠᠯᠠᠬᠤ ᠲᠤᠬᠠᠢ ᠰᠠᠨᠠᠯ ᠵᠦᠪᠯᠡᠯᠭᠡ ᠪᠡᠨ ᠳᠤᠷᠠᠳᠤᠭᠰᠠᠨ ᠪᠠᠢᠨ᠎ᠠ᠃
Original Literature No Original Paper
出自 内蒙古师范大学学报(自然科学蒙古文版) 2014年 第4期

联系我们


内蒙古大学图书馆
呼和浩特市大学西路235号
中国·内蒙古
P: (0471) 4992561
E: huangfeilong@imu.edu.cn